ᠵᠠᠰᠠᠭ ᠤᠨ ᠭᠠᠵᠠᠷ ᠤᠨ ᠬᠤᠷᠠᠯᠳᠤᠭᠠᠨ ᠤ ᠳᠠᠷᠠᠭ᠎ᠠ ᠬᠥᠭᠵᠢᠯ ᠤᠨ ᠪᠠᠩᠬᠢᠨ ᠤ ᠭᠦᠢᠴᠡᠳᠬᠡᠬᠦ ᠵᠠᠬᠢᠷᠤᠯ ᠨ᠊·ᠮᠠᠨᠳᠤᠭᠤᠯ ᠮᠡᠳᠡᠭᠡᠯᠡᠯ ᠬᠢᠯ᠎ᠡ᠃ ᠲᠡᠷᠡ ᠪᠠᠷ᠄ ᠬᠥᠭᠵᠢᠯ ᠤᠨ ᠪᠠᠩᠻᠢ ᠳᠤ ᠨᠡᠶᠢᠲᠡ 503 ᠲᠡᠷᠪᠤᠮ ᠲᠥᠭᠦᠷᠢᠭ ᠤᠨ ᠵᠢᠭᠡᠯᠡᠯᠭᠡ ᠶᠢ ᠡᠷᠭᠢᠭᠦᠯᠦᠨ ᠲᠦᠯᠦᠯᠡ᠃ ᠣᠨ ᠤ ᠡᠬᠢᠨ ᠳᠤ ᠨᠡᠶᠢᠲᠡ 66 ᠵᠢᠭᠡᠯᠡᠳᠦᠭᠴᠢ ᠪᠠᠶᠢᠭᠰᠠᠨ ᠠᠴᠠ ᠳᠣᠯᠤᠭ᠎ᠠ ᠨᠢ ᠵᠢᠭᠡᠯᠡᠯᠭᠡ ᠪᠡᠨ ᠪᠦᠷᠢᠠ ᠲᠥᠯᠦᠭᠰᠡᠨ᠃ ᠪᠢᠳᠡ ᠣᠯᠠᠨ ᠤᠯᠤᠰ ᠲᠤ ᠵᠢᠭᠡᠯᠡᠵᠢᠬᠦ ᠵᠡᠷᠭᠡᠯᠡᠯ ᠢᠶᠠᠨ B ᠲᠣᠭᠲᠠᠪᠤᠷᠢᠲᠠᠶ ᠲᠦᠪᠰᠢᠨ ᠳᠤ ᠬᠠᠳᠠᠭᠠᠯᠠᠵᠤ ᠴᠢᠳᠠᠯ᠎ᠠ᠃
ᠮᠠᠨ ᠤ ᠪᠠᠩᠻᠢ ᠳᠤ 1.4 ᠶᠡᠭᠡ ᠨᠠᠶᠤᠳ ᠲᠥᠭᠦᠷᠢᠭ ᠤᠨ ᠡᠷᠡᠰᠳᠡᠯ ᠤᠨ ᠰᠠᠩ ᠪᠠᠶᠢᠭᠤᠯᠬᠤ ᠱᠠᠭᠠᠷᠳᠠᠯᠭ᠎ᠠ ᠲᠠᠢ ᠪᠠᠢᠭᠰᠠᠨ᠃ ᠤᠳᠤ ᠰᠠᠩ 906 ᠲᠡᠷᠪᠤᠮ ᠲᠥᠭᠦᠷᠢᠭ ᠲᠤ ᠬᠦᠷᠦᠭᠰᠡᠨ ᠲᠤᠯᠠ ᠪᠠᠩᠬᠢ ᠳᠠᠮᠫᠤᠷᠠᠬᠤ ᠡᠷᠡᠰᠳᠡᠯ ᠠᠷᠢᠯᠤᠯ᠎ᠠ᠃ ᠪᠢᠳᠡ ᠡᠨᠡ ᠣᠨ ᠤ ᠡᠴᠦᠰ ᠭᠡᠬᠦ ᠳᠤ ᠪᠤᠨᠳ᠋᠂ ᠬᠦᠦ ᠶᠢᠨ ᠲᠥᠯᠥᠪᠦᠷᠢ ᠶᠢ ᠶᠡᠮᠡᠷ ᠨᠢᠭᠡ ᠰᠠᠭᠠᠳ ᠦᠭᠡᠶ ᠬᠢᠨ᠎ᠡ᠃ ᠲᠥᠷᠦ ᠶᠢᠨ ᠥᠮᠴᠢᠲᠦ ᠠᠵᠤ ᠠᠬᠤᠢ ᠶᠢᠨ ᠨᠢᠭᠡᠴᠢ ᠨᠤᠭᠦᠳ ᠤᠨ ᠠᠪᠤᠭᠰᠠᠨ ᠵᠢᠭᠡᠯᠡᠯᠭᠡ ᠶᠢ ᠡᠷᠭᠢᠨ ᠲᠥᠯᠥᠭᠦᠯᠬᠦ ᠪᠠᠷ ᠶᠠᠮᠤᠳ ᠲᠠᠢ ᠬᠠᠮᠲᠤᠷᠠᠨ ᠠᠵᠢᠯᠯᠠᠵᠤ ᠪᠠᠶᠢᠨ᠎ᠡ᠃ ᠨᠡᠶᠢᠲᠡ ᠶᠢᠰᠤᠨ ᠵᠢᠭᠡᠯᠡᠯᠭᠡ ᠶᠢᠨ 560 ᠲᠡᠷᠪᠤᠮ ᠲᠥᠭᠦᠷᠢᠭ ᠤᠨ ᠦᠯᠡᠳᠡᠭᠳᠡᠯ ᠪᠤᠢ ᠭᠡᠯᠡ᠃