ᠯ᠊ · ᠤᠶᠤᠡᠡᠷᠳᠡᠨᠢ᠂ ᠪ ∙ ᠪᠠᠲᠤᠴᠡᠴᠡᠭ ᠡᠮᠭᠡᠨᠢᠯ ᠤᠨ ᠳᠡᠪᠲᠡᠷ ᠲᠤ ᠭᠠᠷ ᠤᠨ ᠦᠰᠦᠭ ᠵᠢᠷᠤᠪᠠ | News.MN

ᠯ᠊ · ᠤᠶᠤᠡᠡᠷᠳᠡᠨᠢ᠂ ᠪ ∙ ᠪᠠᠲᠤᠴᠡᠴᠡᠭ ᠡᠮᠭᠡᠨᠢᠯ ᠤᠨ ᠳᠡᠪᠲᠡᠷ ᠲᠤ ᠭᠠᠷ ᠤᠨ ᠦᠰᠦᠭ ᠵᠢᠷᠤᠪᠠ

ᠮᠣᠩᠭᠤᠯ ᠤᠯᠤᠰ ᠤᠨ ᠶᠡᠷᠦᠩᠬᠡᠶ ᠰᠠᠶᠢᠳ ᠯ᠊·ᠤᠶᠤᠡᠡᠷᠳᠡᠨᠢ᠂ ᠭᠠᠳᠠᠭᠠᠳᠤ ᠬᠠᠷᠢᠯᠴᠠᠭᠠᠨ ᠤ ᠰᠠᠶᠢᠳ ᠪ∙ᠪᠠᠲᠤᠴᠡᠴᠡᠭ ᠨᠠᠷ ᠶᠠᠫᠤᠨ ᠤᠯᠤᠰ ᠠᠴᠠ ᠮᠣᠩᠭᠤᠯ ᠤᠯᠤᠰ ᠲᠤ ᠰᠠᠭᠤᠭ᠎ᠠ ᠡᠯᠴᠢᠨ ᠰᠠᠶᠢᠳ ᠤᠨ ᠶᠠᠮᠤᠨ ᠳᠤ ᠣᠴᠢᠵᠤ᠂ ᠠᠪᠧ ᠰᠢᠨᠽᠤ᠋ ᠠᠮᠢ ᠨᠠᠰᠤ ᠪᠠᠨ ᠠᠯᠳᠠᠭᠰᠠᠨ ᠳᠤᠷ ᠭᠦᠨ ᠡᠮᠭᠡᠨᠢᠯ ᠢᠯᠡᠷᠬᠡᠶᠢᠯᠡᠵᠦ᠂ ᠡᠮᠭᠡᠨᠢᠯ ᠤᠨ ᠳᠡᠪᠲᠡᠷ ᠲᠤ ᠭᠠᠷ ᠤᠨ ᠦᠰᠦᠭ ᠵᠢᠷᠤᠪᠠ᠃
ᠶᠡᠷᠦᠩᠬᠡᠶ ᠰᠠᠶᠢᠳ ᠯ᠊·ᠤᠶᠤᠡᠡᠷᠳᠡᠨᠢ ᠶᠠᠫᠤᠨ ᠤᠯᠤᠰ ᠤᠨ ᠶᠡᠷᠦᠩᠬᠡᠶ ᠰᠠᠶᠢᠳ ᠠᠪᠧ ᠰᠢᠨᠽᠤ᠋ ᠠᠭᠰᠠᠨ ᠤ ᠢᠳᠡᠪᠬᠢᠲᠡᠢ ᠡᠩᠬᠡ  ᠲᠠᠢᠪᠤᠩᠴᠢ ᠭᠠᠳᠠᠭᠠᠳᠤ ᠪᠣᠳᠤᠯᠭ᠎ᠠ ᠶᠠᠫᠤᠨ ᠤᠯᠤᠰ ᠤᠨ ᠣᠯᠠᠨ  ᠤᠯᠤᠰ  ᠲᠡᠬᠢ ᠨᠡᠷ᠎ᠡ ᠬᠦᠨᠳᠦ ᠶᠢ ᠥᠰᠬᠡᠨ ᠪᠦᠰᠡ ᠨᠤᠲᠤᠭ ᠤᠨ ᠬᠠᠮᠲᠤ ᠶᠢᠨ ᠠᠵᠢᠯᠯᠠᠭ᠎ᠠ᠂ ᠬᠥᠭᠵᠢᠯ ᠴᠡᠴᠡᠭᠯᠡᠯᠲᠡ ᠳᠤ ᠦᠨ᠎ᠡ ᠲᠠᠢ ᠬᠤᠪᠢ ᠨᠡᠮᠡᠷᠢ ᠣᠷᠣᠭᠤᠯᠵᠤ ᠢᠷᠡᠭᠰᠡᠨ ᠲᠡᠳᠦᠢ ᠦᠭᠡᠢ ᠮᠣᠩᠭᠤᠯ᠂ ᠶᠠᠫᠣᠨ ᠤ ᠰᠲᠷᠠᠲ᠋ᠧᠭᠢ ᠶᠢᠨ ᠲᠦᠩᠰᠢᠯᠡᠯ ᠤᠨ ᠬᠠᠷᠢᠯᠴᠠᠭ᠎ᠠ ᠤᠯᠠᠮ ᠪᠠᠬᠢᠵᠢᠵᠦ᠂ ᠰᠢᠨ᠎ᠡ ᠱᠠᠲᠤᠨ ᠳᠤ ᠭᠠᠷᠤᠭᠰᠠᠨ ᠢ  ᠮᠣᠩᠭᠣᠯ ᠤᠨ ᠠᠷᠠᠳ ᠲᠦᠮᠡᠨ ᠮᠥᠩᠬᠡᠳᠡ ᠳᠤᠷᠠᠰᠬᠤ ᠪᠣᠯᠤᠨ᠎ᠠ ᠬᠡᠮᠡᠨ ᠣᠨᠴᠠᠯᠠᠪᠠ᠃

ᠰᠡᠳᠬᠢᠭᠳᠡᠯ ᠦᠯᠡᠳᠡᠭᠡᠬᠦ