ᠵᠠᠰᠠᠭ ᠤᠨ ᠭᠠᠵᠠᠷ ᠤᠨ ᠬᠤᠷᠠᠯᠳᠤᠭᠠᠨ ᠳᠤ 2022 ᠣᠨ ᠤ ᠬᠠᠪᠤᠷ ᠤᠨ ᠲᠠᠷᠢᠶᠠᠯᠠᠯᠲᠠ ᠶᠢᠨ ᠤᠷᠢᠳᠴᠢᠯᠠᠭᠰᠠᠨ ᠳ᠋ᠦᠩ ᠤᠨ ᠲᠤᠬᠠᠢ ᠬᠦᠨᠡᠰᠦ᠂ ᠬᠥᠳᠡᠭᠡ ᠠᠵᠤ ᠠᠬᠤᠶ᠂ ᠬᠥᠩᠭᠡᠨ ᠦᠢᠯᠡᠳᠪᠦᠷᠢ ᠶᠢᠨ ᠰᠠᠶᠢᠳ ᠵ᠊·ᠮᠡᠨᠳᠦᠰᠠᠢᠬᠠᠨ ᠲᠠᠨᠢᠯᠴᠠᠭᠤᠯᠭ᠎ᠠ ᠬᠢᠵᠡᠢ᠃ ᠬᠠᠪᠤᠷ ᠤᠨ ᠲᠠᠷᠢᠶᠠᠯᠠᠯᠲᠠ ᠶᠢ ᠲᠠᠪᠤᠳᠤᠭᠠᠷ ᠰᠠᠷ᠎ᠠ ᠶᠢᠨ 3 ᠠᠴᠠ ᠡᠬᠢᠯᠡᠭᠦᠯᠵᠦ ᠤᠷᠢᠳᠴᠢᠯᠠᠭᠰᠠᠨ ᠪᠠᠶᠢᠳᠠᠯ ᠢᠶᠠᠷ 368.4 ᠭᠠ ᠳᠦ ᠦᠷ᠎ᠡ ᠲᠡᠷᠢᠶ᠎ᠠ᠂ ᠡᠭᠦᠨ ᠠᠴᠠ 343.8 ᠮᠢᠩᠭᠠᠨ ᠭᠠ ᠳᠦ ᠪᠤᠭᠤᠳᠠᠢ᠂ 20 ᠮᠢᠩᠭᠠᠨ ᠭᠠ ᠳᠦ ᠲᠥᠮᠥᠰᠥ᠂ 10 ᠮᠢᠩᠭᠠᠨ ᠭᠠ ᠳᠦ ᠬᠦᠨᠡᠰᠦᠨ ᠤ ᠨᠤᠭᠤᠭ᠎ᠠ᠂ 51 ᠮᠢᠩᠭᠠᠨ ᠭᠠ ᠳᠦ ᠮᠠᠯ ᠤᠨ ᠲᠡᠵᠢᠭᠡᠯ᠂ 116 ᠮᠢᠩᠭᠠᠨ ᠭᠠ ᠳᠦ ᠲᠣᠰᠤᠨ ᠤ ᠤᠷᠭᠤᠮᠠᠯ᠂ 4.6 ᠮᠢᠩᠭᠠᠨ ᠭᠠ ᠳᠦ ᠵᠢᠮᠢᠰ ᠵᠢᠮᠢᠰᠭᠡᠨ᠎ᠡ᠂ ᠨᠡᠶᠢᠲᠡ ᠳᠡᠭᠡᠨ 570.8 ᠮᠢᠩᠭᠠᠨ ᠭᠠ ᠳᠦ ᠲᠠᠷᠢᠶᠠᠯᠠᠯᠲᠠ ᠬᠢᠭᠡᠳ ᠪᠠᠶᠢᠨ᠎ᠡ᠃
ᠲᠠᠷᠢᠶᠠᠯᠠᠯᠲᠠ ᠶᠢᠨ ᠴᠢᠨᠠᠷ ᠢ ᠰᠣᠶᠣᠭᠠᠯᠠᠯᠲᠠ ᠪᠠᠷ ᠬᠦᠯᠢᠶᠡᠨ ᠠᠪᠬᠤ ᠠᠵᠢᠯ ᠢ ᠲᠠᠷᠢᠶᠠᠯᠠᠩ ᠪᠦᠬᠦᠢ 12 ᠠᠶᠢᠮᠠᠭ ᠤᠨ 72 ᠰᠤᠮᠤ ᠶᠢᠨ 1012 ᠠᠵᠤ ᠠᠬᠤᠢ ᠶᠢᠨ ᠨᠢᠭᠡᠴᠢ᠂ ᠢᠷᠭᠡᠳ ᠤᠨ 338.8 ᠮᠢᠩᠭᠠᠨ ᠭᠠ ᠤᠯᠠᠭᠠᠨ ᠪᠤᠭᠤᠳᠠᠢ ᠶᠢᠨ ᠲᠠᠯᠠᠪᠠᠢ ᠶᠢ ᠬᠠᠮᠤᠷᠤᠭᠤᠯᠤᠨ ᠬᠢᠬᠦ ᠳᠦ ᠨᠡᠶᠢᠲᠡ ᠲᠠᠷᠢᠶᠠᠯᠠᠭᠰᠠᠨ ᠲᠠᠯᠠᠪᠠᠢ ᠶᠢᠨ 85.7 ᠬᠤᠪᠢ ᠪᠤᠶᠤ 290 ᠮᠢᠩᠭᠠᠨ ᠭᠠ ᠲᠠᠯᠠᠪᠠᠢ ᠬᠡᠭᠡᠷ᠎ᠡ ᠶᠢᠨ ᠰᠣᠶᠣᠭᠠᠯᠠᠯᠲᠠ ᠪᠠᠷ ᠣᠨᠴᠠ ᠰᠠᠶᠢᠨ ᠦᠨᠡᠯᠡᠭᠡ ᠲᠠᠢ ᠭᠠᠷᠤᠭᠰᠠᠨ ᠪᠠᠶᠢᠨ᠎ᠡ᠃