ᠶᠠᠫᠤᠨ ᠤ ᠱᠢᠽᠤᠺᠠ ᠮᠤᠵᠢ ᠶᠢᠨ ᠲᠥᠯᠥᠭᠡᠯᠡᠭᠴᠢᠳ  ᠰᠡᠯᠡᠩᠭᠡ ᠳᠦ ᠠᠢᠯᠴᠢᠯᠠᠪᠠ | News.MN

ᠶᠠᠫᠤᠨ ᠤ ᠱᠢᠽᠤᠺᠠ ᠮᠤᠵᠢ ᠶᠢᠨ ᠲᠥᠯᠥᠭᠡᠯᠡᠭᠴᠢᠳ  ᠰᠡᠯᠡᠩᠭᠡ ᠳᠦ ᠠᠢᠯᠴᠢᠯᠠᠪᠠ

ᠰᠡᠯᠡᠩᠭᠡ ᠠᠶᠢᠮᠠᠭ ᠤᠨ ᠵᠠᠰᠠᠭ ᠳᠠᠷᠤᠭ᠎ᠠ ᠨ᠊·ᠯᠾᠬᠠᠪᠠᠳᠤᠷᠵᠢ ᠶᠠᠫᠤᠨ ᠤᠯᠤᠰ ᠤᠨ ᠱᠢᠽᠤᠺᠠ ᠮᠤᠵᠢ ᠶᠢᠨ ᠭᠠᠵᠠᠷ ᠲᠠᠷᠢᠶᠠᠯᠠᠩ᠂ ᠣᠢ ᠶᠢᠨ ᠠᠵᠤ ᠠᠬᠤᠢ ᠶᠢᠨ ᠰᠤᠳᠤᠯᠭᠠᠨ ᠤ ᠲᠥᠪ ᠤᠨ ᠪᠣᠳᠤᠯᠭ᠎ᠠ ᠵᠣᠬᠢᠴᠠᠭᠤᠯᠤᠯᠲᠠ ᠶᠢᠨ ᠭᠠᠵᠠᠷ ᠤᠨ ᠳᠠᠷᠤᠭ᠎ᠠ  ᠤᠾᠰᠤᠺᠠ ᠷᠢᠤᠵᠢ᠂ ᠠᠬᠠᠯᠠᠬᠤ ᠡᠷᠳᠡᠮᠲᠡᠨ  ᠤᠺᠢᠴᠤ ᠲᠤᠰᠢᠾᠢᠷᠤ᠋ ᠨᠠᠷ ᠢ ᠡᠨᠡ ᠰᠠᠷ᠎ᠠ ᠶᠢᠨ 27 ᠤ ᠡᠳᠦᠷ ᠬᠦᠯᠢᠶᠡᠨ ᠠᠪᠴᠤ ᠠᠭᠤᠯᠵᠠᠨ᠂ ᠬᠠᠮᠲᠤ ᠶᠢᠨ ᠠᠵᠢᠯᠯᠠᠭᠠᠨ ᠤ ᠰᠠᠨᠠᠯ ᠰᠣᠯᠢᠯᠴᠠᠯ᠎ᠠ᠃
ᠠᠶᠢᠮᠠᠭ ᠤᠨ ᠳᠠᠷᠤᠭ᠎ᠠ ᠠᠭᠤᠯᠵᠠᠯᠲᠠ ᠶᠢᠨ ᠢᠶᠠᠨ ᠦᠶ᠎ᠡ ᠪᠠᠷ ᠴᠢᠨᠠᠭᠰᠢᠳᠠ ᠱᠢᠽᠤᠺᠠ ᠮᠤᠵᠢ ᠲᠠᠢ ᠪᠠᠶᠢᠭᠤᠯᠤᠭᠰᠠᠨ ᠰᠠᠨᠠᠮᠵᠢ ᠪᠢᠴᠢᠭ ᠢ ᠥᠷᠭᠡᠵᠢᠭᠦᠯᠬᠦ ᠮᠦᠠ ᠳᠡᠯᠡᠬᠡᠢ ᠶᠢᠨ ᠰᠢᠯᠢᠳᠡᠭ ᠲᠧᠭᠨᠢᠭ ᠲᠧᠭᠨᠣᠯᠣᠭᠢ ᠶᠢᠨ ᠬᠥᠭᠵᠢᠯ ᠲᠠᠢ ᠶᠠᠫᠤᠨ ᠤᠯᠤᠰ ᠤᠨ ᠬᠥᠳᠡᠭᠡ ᠠᠵᠤ ᠠᠬᠤᠶ᠂ ᠭᠠᠵᠠᠷ ᠲᠠᠷᠢᠶᠠᠯᠠᠩ ᠤᠨ ᠲᠧᠭᠨᠢᠭ ᠬᠡᠷᠡᠭᠰᠡᠯ ᠤᠨ ᠦᠵᠡᠰᠬᠦᠯᠡᠩ ᠬᠤᠳᠠᠯᠳᠤᠭ᠎ᠠ ᠶᠢ ᠠᠶᠢᠮᠠᠭ ᠲᠠᠭᠠᠨ ᠵᠣᠬᠢᠶᠠᠨ ᠪᠠᠶᠢᠭᠤᠯᠬᠤ᠂ ᠳᠡᠪᠰᠢᠯᠲᠡᠲᠦ ᠲᠧᠭᠨᠣᠯᠣᠭᠢ ᠶᠢ ᠨᠤᠲᠤᠭᠰᠢᠭᠤᠯᠬᠤ ᠲᠡᠯ᠎ᠠ ᠳᠡᠭᠡᠷ᠎ᠡ ᠬᠠᠮᠲᠤᠷᠠᠵᠤ ᠠᠵᠢᠯᠯᠠᠬᠤ ᠬᠦᠰᠡᠯ ᠲᠠᠢ ᠪᠠᠶᠢᠭ᠎ᠠ ᠪᠠᠨ ᠢᠯᠡᠷᠬᠡᠶᠢᠯᠡᠵᠡᠢ᠃

ᠲᠥᠯᠦᠭᠡᠯᠡᠭᠴᠢᠳ ᠥᠨᠥᠳᠥᠷ ᠵᠢᠪᠬᠤᠯᠠᠩᠲᠤ ᠰᠤᠮᠤ ᠶᠢᠨ ᠭᠠᠵᠠᠷ ᠲᠠᠷᠢᠶᠠᠯᠠᠩ᠂ ᠲᠥᠮᠥᠰᠥ ᠬᠦᠨᠡᠰᠦᠨ ᠤ ᠨᠤᠭᠤᠭ᠎ᠠ᠂ ᠤᠰᠤᠯᠠᠭ᠎ᠠ ᠲᠠᠢ ᠲᠠᠷᠢᠶᠠᠯᠠᠩ ᠡᠷᠬᠢᠯᠡᠵᠦ ᠪᠤᠢ ᠢᠷᠭᠡᠳ ᠲᠠᠢ ᠠᠭᠤᠯᠵᠠᠵᠤ ᠵᠥᠪᠯᠡᠯᠳᠦᠬᠦ ᠠᠭᠤᠯᠵᠠᠯᠲᠠ ᠬᠢᠭᠰᠡᠨ ᠪᠠᠶᠢᠨ᠎ᠡ᠃

ᠰᠡᠳᠬᠢᠭᠳᠡᠯ ᠦᠯᠡᠳᠡᠭᠡᠬᠦ