ᠠᠽᠢᠶ᠎ᠠ ᠶᠢᠨ ᠬᠥᠭᠵᠢᠯ ᠤᠨ ᠪᠠᠩᠬᠢᠨ ᠠᠴᠠ ᠵᠢᠭᠡᠯᠡ ᠠᠪᠤᠨ᠎ᠠ | News.MN

ᠠᠽᠢᠶ᠎ᠠ ᠶᠢᠨ ᠬᠥᠭᠵᠢᠯ ᠤᠨ ᠪᠠᠩᠬᠢᠨ ᠠᠴᠠ ᠵᠢᠭᠡᠯᠡ ᠠᠪᠤᠨ᠎ᠠ

ᠤᠯᠤᠰ ᠤᠨ ᠶᠡᠭᠡ ᠬᠤᠷᠠᠯ  ᠤᠨ ᠲᠥᠰᠦᠪ ᠤᠨ ᠪᠠᠶᠢᠩᠭᠤ ᠶᠢᠨ ᠬᠤᠷᠢᠶᠠᠨ ᠤ ᠬᠤᠷᠠᠯᠳᠤᠭᠠᠨ ᠢᠶᠠᠷ ᠮᠣᠩᠭᠤᠯ  ᠤᠯᠤᠰ᠂ ᠠᠽᠢᠶ᠎ᠠ ᠶᠢᠨ ᠬᠥᠭᠵᠢᠯ ᠤᠨ ᠪᠠᠩᠬᠢ ᠬᠤᠭᠤᠷᠤᠨᠳᠤ ᠶᠢᠨ ᠰᠠᠩᠬᠦᠦᠵᠢᠯᠲᠡ ᠶᠢᠨ ᠲᠥᠰᠥᠯ ᠢ ᠬᠡᠯᠡᠯᠴᠡᠯ᠎ᠡ᠃  ᠡᠨᠡ ᠬᠡᠯᠡᠯᠴᠡᠭᠡᠷ ᠤᠨ ᠳᠠᠭᠠᠤ ᠮᠠᠨ ᠤ ᠤᠯᠤᠰ 2022-2023 ᠣᠨ ᠳᠤ ᠠᠽᠢᠶ᠎ᠠ ᠶᠢᠨ ᠬᠥᠭᠵᠢᠯ ᠤᠨ ᠪᠠᠩᠬᠢᠨ ᠠᠴᠠ 655   ᠰᠠᠶ᠎ᠠ  ᠳ᠋ᠣᠯᠯᠠᠷ ᠤᠨ ᠵᠢᠭᠡᠯᠡ ᠠᠪᠬᠤ  ᠶᠤᠮ᠃

ᠡᠳ᠋ ᠤᠨ ᠵᠠᠰᠠᠭ᠂ ᠬᠥᠭᠵᠢᠯ ᠤᠨ ᠳᠡᠳ᠋ ᠰᠠᠶᠢᠳ ᠰ᠊·ᠨᠠᠷᠠᠨᠴᠣᠭᠲᠤ ᠡᠨᠡ ᠲᠠᠯ᠎ᠠ ᠪᠠᠷ ᠬᠡᠯᠡᠬᠦ ᠳᠤ ᠪᠠᠨ᠄ ᠵᠢᠭᠡᠯᠡᠯᠭᠡ ᠶᠢᠨ 200  ᠰᠠᠶ᠎ᠠ  ᠳ᠋ᠣᠯᠯᠠᠷ ᠢᠶᠠᠷ ᠲᠥᠰᠦᠪ ᠤᠨ ᠠᠯᠳᠠᠭᠳᠠᠯ ᠢ ᠰᠠᠩᠬᠦᠦᠵᠢᠭᠦᠯᠦᠨ᠎ᠠ᠃ ᠪᠤᠰᠤᠳ  ᠢ ᠨᠢ ᠶᠡᠷᠦᠩᠬᠡᠶᠢᠯᠡᠭᠴᠢ ᠶᠢᠨ ᠰᠠᠨᠠᠭᠠᠴᠢᠯᠠᠭᠰᠠᠨ ᠬᠦᠨᠡᠰᠦ ᠠᠶᠤᠯᠭᠦᠢ ᠪᠠᠶᠢᠳᠠᠯ᠂  ᠬᠠᠩᠭᠠᠮᠵᠢ ᠶᠢᠨ ᠠᠰᠠᠭᠤᠳᠠᠯ ᠢᠶᠠᠷ  ᠤᠯᠤᠰ ᠤᠨ ᠶᠡᠭᠡ ᠬᠤᠷᠠᠯ ᠠᠴᠠ ᠪᠠᠲᠤᠯᠠᠭᠰᠠᠨ ᠲᠣᠭᠲᠠᠭᠠᠯ ᠢ ᠬᠡᠷᠡᠭᠵᠢᠭᠦᠯᠬᠦ ᠳᠤ ᠵᠠᠷᠤᠴᠠᠭᠤᠯᠤᠨ᠎ᠠ ᠭᠡᠯ᠎ᠡ᠃

ᠰᠡᠳᠬᠢᠭᠳᠡᠯ ᠦᠯᠡᠳᠡᠭᠡᠬᠦ