ᠨᠡᠶᠢᠲᠡ ᠨᠤᠲᠤᠭ ᠤᠨ 50 ᠭᠠᠷᠤᠢ ᠬᠤᠪᠢ ᠳᠤ ᠵᠤᠨᠰᠢᠯᠠᠭ᠎ᠠ ᠰᠠᠶᠢᠨ ᠪᠠᠶᠢᠨ᠎ᠠ | News.MN

ᠨᠡᠶᠢᠲᠡ ᠨᠤᠲᠤᠭ ᠤᠨ 50 ᠭᠠᠷᠤᠢ ᠬᠤᠪᠢ ᠳᠤ ᠵᠤᠨᠰᠢᠯᠠᠭ᠎ᠠ ᠰᠠᠶᠢᠨ ᠪᠠᠶᠢᠨ᠎ᠠ

ᠴᠠᠭ ᠠᠭᠤᠷ ᠤᠨ ᠪᠠᠶᠢᠭᠤᠯᠤᠯᠭ᠎ᠠ ᠶᠢᠨ ᠢᠷᠡᠭᠦᠯᠦᠭᠰᠡᠨ ᠮᠡᠳᠡᠭᠡᠯᠡᠯ ᠢᠶᠡᠷ ᠡᠨᠡ ᠰᠠᠷ᠎ᠠ ᠶᠢᠨ 20  ᠤ ᠪᠠᠶᠢᠳᠠᠯ ᠢᠶᠠᠷ ᠵᠤᠨᠰᠢᠯᠠᠭ᠎ᠠ ᠨᠡᠶᠢᠲᠡ ᠨᠤᠲᠤᠭ ᠤᠨ 50 ᠭᠠᠷᠤᠢ ᠬᠤᠪᠢ ᠳᠤ ᠰᠠᠶᠢᠨ᠂ 40 ᠣᠷᠴᠢᠮ ᠬᠤᠪᠢ ᠳᠤ ᠳᠤᠮᠳᠠ᠂ 10 ᠣᠷᠴᠢᠮ ᠬᠤᠪᠢ ᠳᠤ ᠮᠠᠭᠤ ᠦᠨᠡᠯᠡᠭᠡ ᠭᠠᠷᠴᠠᠢ᠃ ᠲᠣᠳᠣᠷᠠᠭᠤᠯᠪᠠᠯ᠂ ᠪᠤᠯᠠᠭᠠᠨ᠂ ᠣᠷᠬᠣᠨ᠂ ᠰᠡᠯᠡᠩᠭᠡ᠂ ᠳᠠᠷᠬᠠᠨ-ᠠᠭᠤᠯᠠ᠂ ᠳᠣᠷᠣᠨᠠᠲᠤ ᠶᠢᠨ ᠨᠡᠶᠢᠲᠡ ᠨᠤᠲᠤᠭ᠂ ᠠᠷᠤᠬᠠᠩᠭᠠᠢ᠂ ᠬᠥᠪᠰᠥᠭᠥᠯ᠂ ᠲᠥᠪ᠂ ᠭᠤᠪᠢᠰᠦ᠋ᠮᠪᠤᠷ᠂ ᠬᠡᠨᠲᠡᠢ᠂ ᠰᠦᠬᠡᠪᠠᠭᠠᠲᠤᠷ ᠤᠨ ᠶᠡᠬᠡᠩᠬᠢ ᠨᠤᠲᠤᠭ᠂ ᠪᠠᠶᠠᠨ-ᠥᠯᠥᠭᠡᠢ᠂ ᠤᠪᠰᠤ᠂ ᠬᠣᠪᠳᠣ᠂ ᠭᠣᠪᠢ-ᠠᠯᠲᠠᠢ᠂ ᠵᠠᠪᠬᠠᠨ᠂ ᠪᠠᠶᠠᠨᠬᠣᠩᠭᠣᠷ᠂ ᠥᠪᠦᠷᠬᠠᠩᠭᠠᠢ᠂ ᠳᠣᠷᠣᠨᠠᠭᠣᠪᠢ ᠶᠢᠨ ᠵᠠᠷᠢᠮ ᠨᠤᠲᠤᠭ᠂ ᠳᠤᠮᠳᠠᠭᠤᠪᠢ᠂ ᠡᠮᠦᠨᠡᠭᠣᠪᠢ ᠶᠢᠨ ᠭᠠᠭᠴᠠ ᠨᠢᠭᠡ ᠰᠤᠮᠤᠳ ᠤᠨ ᠨᠤᠲᠤᠭ ᠢᠶᠠᠷ ᠵᠤᠨᠰᠢᠯᠠᠭ᠎ᠠ ᠰᠠᠶᠢᠨ ᠪᠠᠶᠢᠨ᠎ᠠ᠃
ᠮᠥᠨ ᠤᠪᠰᠤ᠂ ᠬᠣᠪᠳᠣ᠂ ᠵᠠᠪᠬᠠᠨ ᠤ ᠶᠡᠬᠡᠩᠬᠢ᠂ ᠪᠠᠶᠠᠨ-ᠥᠯᠥᠭᠡᠢ᠂ ᠭᠣᠪᠢ-ᠠᠯᠲᠠᠢ᠂ ᠠᠷᠤᠬᠠᠩᠭᠠᠢ᠂ ᠥᠪᠦᠷᠬᠠᠩᠭᠠᠢ᠂ ᠪᠠᠶᠠᠨᠬᠣᠩᠭᠣᠷ᠂ ᠲᠥᠪ᠂ ᠳᠤᠮᠳᠠᠭᠤᠪᠢ᠂ ᠡᠮᠦᠨᠡᠭᠣᠪᠢ᠂ ᠳᠣᠷᠣᠨᠠᠭᠣᠪᠢ᠂ ᠬᠡᠨᠲᠡᠢ᠂ ᠰᠦᠬᠡᠪᠠᠭᠠᠲᠤᠷ ᠤᠨ ᠵᠠᠷᠢᠮ᠂ ᠬᠥᠪᠰᠥᠭᠥᠯ ᠦᠨ ᠭᠠᠭᠴᠠ ᠨᠢᠭᠡ ᠰᠤᠮᠤᠳ ᠤᠨ ᠨᠤᠲᠤᠭ ᠢᠶᠠᠷ ᠳᠤᠮᠳᠠ ᠵᠡᠷᠭᠡ ᠲᠡᠢ ᠪᠠᠶᠢᠭ᠎ᠠ ᠶᠤᠮ᠃ ᠬᠠᠷᠢᠨ ᠳᠤᠮᠳᠠᠭᠤᠪᠢ᠂ ᠳᠣᠷᠣᠨᠠᠭᠣᠪᠢ᠂ ᠡᠮᠦᠨᠡᠭᠣᠪᠢ ᠶᠢᠨ ᠵᠠᠷᠢᠮ ᠨᠤᠲᠤᠭ᠂ ᠪᠠᠶᠠᠨ-ᠥᠯᠥᠭᠡᠢ᠂  ᠤᠪᠰᠤ᠂ ᠭᠣᠪᠢ-ᠠᠯᠲᠠᠢ᠂ ᠪᠠᠶᠠᠨᠬᠣᠩᠭᠣᠷ᠂ ᠥᠪᠦᠷᠬᠠᠩᠭᠠᠢ ᠶᠢᠨ ᠭᠠᠭᠴᠠ ᠨᠢᠭᠡ ᠰᠤᠮᠤᠳ ᠤᠨ ᠨᠤᠲᠤᠭ ᠢᠶᠠᠷ ᠮᠠᠭᠤ ᠪᠠᠶᠢᠨ᠎ᠠ᠃

ᠰᠡᠳᠬᠢᠭᠳᠡᠯ ᠦᠯᠡᠳᠡᠭᠡᠬᠦ