《Tagtaa Prize》ᠰᠢᠯᠢᠳᠡᠭ ᠦᠳ ᠡᠨᠡ ᠰᠠᠷ᠎ᠠ ᠶᠢᠨ 20 ᠲᠤᠳᠤᠷᠠᠵᠠᠢ | News.MN

《Tagtaa Prize》ᠰᠢᠯᠢᠳᠡᠭ ᠦᠳ ᠡᠨᠡ ᠰᠠᠷ᠎ᠠ ᠶᠢᠨ 20 ᠲᠤᠳᠤᠷᠠᠵᠠᠢ

《ᠲᠠᠭᠲᠠᠭ᠎ᠠ》ᠬᠡᠪᠯᠡᠯ ᠦᠨ ᠭᠠᠵᠠᠷ ᠠᠴᠠ ᠦᠨᠳᠦᠰᠦᠨ ᠦ ᠤᠷᠠᠨ ᠵᠣᠬᠢᠶᠠᠯ ᠤᠨ ᠵᠠᠯᠭᠠᠮᠵᠢ ᠦᠶ᠎ᠡ ᠶᠢ ᠪᠡᠯᠡᠳᠬᠡᠬᠦ᠂ ᠵᠠᠯᠠᠭᠤ ᠤᠷᠠᠨ ᠪᠦᠲᠦᠭᠡᠯᠴᠢᠳ ᠢᠶᠡᠨ ᠳᠡᠮᠵᠢᠬᠦ᠂ ᠰᠤᠷᠲᠠᠯᠴᠢᠯᠠᠨ ᠲᠠᠨᠢᠭᠤᠯᠬᠤ ᠵᠣᠷᠢᠯᠭ᠎ᠠ ᠪᠠᠷ《Tagtaa Prize》ᠤᠳᠬ᠎ᠠ ᠵᠣᠬᠢᠶᠠᠯ ᠤᠨ ᠱᠠᠩᠨᠠᠯ ᠢ ᠬᠣᠶᠠᠷ ᠵᠢᠯ ᠲᠤᠲᠤᠮ ᠳᠤ ᠣᠯᠭᠤᠳᠠᠭ᠃ ᠱᠠᠩᠨᠠᠯ ᠢ ᠥᠭᠦᠯᠡᠯᠭᠡ᠂ ᠢᠷᠠᠭᠤ ᠨᠠᠶᠢᠷᠠᠭ᠂ ᠣᠷᠴᠢᠭᠤᠯᠭ᠎ᠠ ᠶᠢᠨ ᠤᠷᠤᠯᠳᠤᠭᠠᠨ ᠳᠤ ᠬᠡᠰᠡᠭ ᠦᠳ ᠢᠶᠡᠷ ᠰᠢᠯᠭᠠᠷᠠᠭᠤᠯᠤᠨ ᠣᠯᠭᠤᠵᠤ ᠢᠷᠡᠭᠰᠡᠨ ᠨᠢ ᠤᠯᠠᠮᠵᠢᠯᠠᠯ ᠪᠣᠯᠵᠤ᠂ ᠦᠭᠡ ᠶᠢᠨ ᠤᠷᠠᠯᠢᠭ ᠤᠨ ᠤᠷᠠᠨ ᠪᠦᠲᠦᠭᠡᠯᠴᠢ ᠵᠠᠯᠠᠭᠤᠰ ᠤᠨ ᠬᠦᠰᠡᠨ ᠬᠦᠯᠢᠶᠡᠳᠡᠭ ᠦᠢᠯᠡ ᠠᠵᠢᠯᠯᠠᠭ᠎ᠠ ᠪᠣᠯᠵᠠᠢ᠃
ᠲᠠᠪᠤᠳᠠᠬᠢ ᠵᠢᠯ᠂  ᠳᠦᠷᠪᠡᠳᠡᠬᠢ  ᠤᠳᠠᠭ᠎ᠠ ᠪᠠᠨ ᠣᠯᠭᠣᠭᠳᠠᠵᠤ ᠪᠤᠢ 《Tagtaa Prize-2022》ᠤᠳᠬ᠎ᠠ ᠵᠣᠬᠢᠶᠠᠯ ᠤᠨ ᠱᠠᠩᠨᠠᠯ ᠤᠨ ᠤᠷᠤᠯᠳᠤᠭᠠᠨ ᠳᠤ ᠬᠡᠰᠡᠭ ᠲᠦ ᠨᠡᠶᠢᠲᠡ 150 ᠭᠠᠷᠤᠢ ᠤᠷᠠᠨ ᠪᠦᠲᠦᠭᠡᠯᠴᠢ ᠪᠦᠲᠦᠭᠡᠯ ᠢᠶᠡᠨ ᠢᠷᠡᠭᠦᠯᠦᠭᠰᠡᠨ ᠪᠥᠭᠡᠳ ᠢᠷᠠᠭᠤ ᠨᠠᠶᠢᠷᠠᠭ᠂ ᠥᠭᠦᠯᠡᠯᠭᠡ᠂ ᠣᠷᠴᠢᠭᠤᠯᠭ᠎ᠠ ᠶᠢᠨ ᠲᠥᠷᠥᠯ ᠳᠦ ᠰᠢᠯᠢᠳᠡᠭ ᠵᠠᠯᠠᠭᠤ ᠪᠦᠲᠦᠭᠡᠯᠴᠢᠳ ᠢ  ᠰᠢᠯᠭᠠᠷᠠᠭᠤᠯᠪᠠ᠃

ᠰᠡᠳᠬᠢᠭᠳᠡᠯ ᠦᠯᠡᠳᠡᠭᠡᠬᠦ