︽Doorknock 2022︾ᠠᠭᠤᠯᠵᠠᠯᠲᠠ ᠡᠬᠢᠯᠡᠵᠡᠢ | News.MN

︽Doorknock 2022︾ᠠᠭᠤᠯᠵᠠᠯᠲᠠ ᠡᠬᠢᠯᠡᠵᠡᠢ

ᠮᠣᠩᠭᠤᠯ ᠤᠯᠤᠰ ᠤᠨ ᠶᠡᠭᠡ ᠬᠤᠷᠠᠯ ᠤᠨ ᠳᠠᠷᠤᠭ᠎ᠠ ᠬ᠋᠊·ᠽᠠᠨᠳᠠᠨᠰᠢᠲᠠᠷ᠎ᠠ ᠥᠨᠥᠳᠥᠷ ᠮᠣᠩᠭᠤᠯ ᠳᠠᠬᠢ ᠠᠮᠧᠷᠢᠺᠠ ᠶᠢᠨ ᠬᠤᠳᠠᠯᠳᠤᠭᠠᠨ ᠤ ᠲᠠᠩᠬᠢᠮ  ᠤᠨ ᠤᠳᠤᠷᠢᠳᠬᠤ ᠵᠥᠪᠯᠡᠯ ᠤᠨ ᠳᠠᠷᠤᠭ᠎ᠠ  ᠵᠧᠮᠰ ᠯᠢᠶᠤᠲᠲ᠋ᠠ ᠲᠡᠷᠢᠭᠦᠲᠡᠢ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠪᠠ᠃
ᠲᠡᠷᠡ ᠮᠣᠩᠭᠤᠯ᠂  ᠠᠮᠧᠷᠢᠺᠠ  ᠬᠤᠭᠤᠷᠤᠨᠳᠤ ᠶᠢᠨ ᠬᠠᠷᠢᠯᠴᠠᠬᠤ ᠬᠠᠷᠢᠯᠴᠠᠭ᠎ᠠ ᠪᠣᠯ ᠮᠠᠨ ᠤ ᠤᠯᠤᠰ ᠤᠨ ᠬᠡᠷᠡᠭᠵᠢᠭᠦᠯᠵᠦ ᠪᠤᠶ ᠭᠤᠷᠪᠠᠳᠠᠭᠴᠢ ᠬᠥᠷᠰᠢ ᠶᠢᠨ ᠪᠣᠳᠣᠯᠭ᠎ᠠ ᠳᠤ ᠰᠠᠭᠤᠷᠢᠯᠠᠭᠰᠠᠨ ᠴᠢᠬᠤᠯᠠ ᠬᠠᠷᠢᠯᠴᠠᠭ᠎ᠠ ᠪᠣᠯᠬᠤ ᠶᠢ ᠲᠡᠮᠳᠡᠭᠯᠡᠵᠦ᠂ ᠡᠨᠡ ᠬᠦ ᠬᠠᠷᠢᠯᠴᠠᠭ᠎ᠠ ᠨᠢ ᠰᠲᠷᠠᠲ᠋ᠧᠭᠢ ᠶᠢᠨ ᠲᠦᠩᠰᠢᠯᠡᠯ ᠤᠨ ᠨᠡᠶᠢᠲᠡᠯᠢᠭ ᠡᠷᠭᠡ ᠠᠰᠢᠭ᠂ ᠠᠷᠠᠳᠴᠢᠯᠠᠯ ᠤᠨ ᠦᠨᠡᠲᠦ ᠵᠦᠢᠯᠡᠰ᠂ ᠴᠢᠯᠦᠭᠡᠳᠦ ᠵᠠᠬ᠎ᠠ ᠵᠡᠭᠡᠯᠢ᠂ ᠬᠠᠤᠯᠢ ᠳᠡᠭᠡᠳᠦᠯᠡᠬᠦ ᠶᠣᠰᠣ ᠪᠤᠯᠦᠠ ᠬᠥᠮᠥᠨ ᠤ ᠡᠷᠬᠡ ᠶᠢ ᠳᠡᠭᠡᠳᠦᠯᠡᠬᠦ ᠵᠠᠷᠴᠢᠮ ᠤᠳ ᠲᠤ ᠲᠤᠯᠭᠠᠭᠤᠷᠢᠯᠠᠨ ᠬᠥᠭᠵᠢᠭᠰᠡᠭᠡᠷ ᠪᠠᠶᠢᠭ᠎ᠠ ᠶᠢ ᠠᠭᠤᠯᠵᠠᠯᠲᠠ ᠶᠢᠨ ᠡᠬᠢᠨ ᠳᠤ ᠲᠡᠮᠳᠡᠭᠯᠡᠪᠡ᠃

ᠨᠣᠶᠠᠨ ᠵᠧᠮᠰ ᠯᠢᠶᠤᠲᠲ᠋ᠠ ᠬᠡᠯᠡᠬᠦ ᠳᠤ ᠪᠠᠨ᠂ ᠰᠠᠶ᠋ᠢᠬᠠᠨ ᠨᠢᠦ᠋ ᠶᠤᠷᠺ᠂ ᠸᠠᠰᠢᠩᠲ᠋ᠣᠨ ᠳ᠋ᠢᠰᠢ᠂ ᠰᠠᠨ ᠹᠠᠷᠠᠨᠰᠢᠰᠺᠤ ᠬᠤᠲᠠ  ᠳᠤ ᠪᠢᠽᠨᠧᠰ ᠡᠷᠬᠢᠯᠡᠭᠴᠢ᠂ ᠬᠥᠷᠥᠩᠭᠡ ᠣᠷᠣᠭᠤᠯᠤᠭᠴᠢᠳ ᠲᠠᠢ ᠠᠭᠤᠯᠵᠠᠵᠤ᠂ ᠮᠣᠩᠭᠤᠯ ᠳᠠᠬᠢ ᠬᠥᠷᠥᠩᠭᠡ ᠣᠷᠤᠭᠤᠯᠤᠯᠲᠠ ᠶᠢ ᠨᠡᠮᠡᠭᠳᠡᠭᠦᠯᠬᠦ᠂ ᠪᠢᠽᠨᠧᠰ ᠢ ᠳᠡᠮᠵᠢᠬᠦ ᠠᠭᠤᠯᠵᠠᠯᠲᠠ ᠨᠤᠭᠤᠳ ᠵᠣᠬᠢᠶᠠᠨ ᠪᠠᠶᠢᠭᠤᠯᠤᠭᠰᠠᠨ᠃ ᠢᠩᠭᠢᠭᠡᠳ ᠵᠢᠷᠭᠤᠳᠤᠭᠠᠷ ᠰᠠᠷ᠎ᠠ ᠶᠢᠨ 21-23 ᠤ ᠡᠳᠦᠷ ᠤᠳ ᠲᠤ ᠭᠠᠳᠠᠭᠠᠳᠤ ᠪᠤᠯᠦᠠ ᠳᠣᠲᠣᠭᠠᠳᠤ ᠶᠢᠨ ᠬᠥᠷᠥᠩᠭᠡ ᠣᠷᠣᠭᠤᠯᠤᠭᠴᠢᠳ᠂ ᠮᠣᠩᠭᠤᠯ ᠳᠠᠬᠢ  ᠠᠮᠧᠷᠢᠺᠠ ᠶᠢᠨ ᠡᠯᠴᠢᠨ ᠰᠠᠢᠳ ᠤᠨ ᠶᠠᠮᠤᠨ  ᠲᠠᠢ ᠬᠠᠮᠲᠤᠷᠠᠨ︽Doorknock 2022︾ᠠᠭᠤᠯᠵᠠᠯᠲᠠ  ᠶᠢ ᠤᠯᠠᠭᠠᠨᠪᠠᠭᠠᠲᠤᠷ ᠬᠤᠲᠠᠨ᠎ᠠ ᠵᠣᠬᠢᠶᠠᠨ ᠪᠠᠶᠢᠭᠤᠯᠵᠤ ᠪᠠᠶᠢᠨ᠎ᠡ ᠭᠡᠪᠡ᠃

ᠰᠡᠳᠬᠢᠭᠳᠡᠯ ᠦᠯᠡᠳᠡᠭᠡᠬᠦ