ᠰᠢᠬᠢᠷ ᠤᠨ ᠭᠤᠷᠪᠠᠨ ᠬᠤᠪᠢ ᠶᠢ ᠳᠣᠲᠣᠭᠠᠳᠤ ᠶᠢᠨ ᠦᠢᠯᠡᠳᠪᠦᠷᠢ ᠨᠦᠭᠦᠳ ᠨᠡᠶᠢᠯᠡᠭᠦᠯᠵᠦ ᠪᠠᠶᠢᠨ᠎ᠡ | News.MN

ᠰᠢᠬᠢᠷ ᠤᠨ ᠭᠤᠷᠪᠠᠨ ᠬᠤᠪᠢ ᠶᠢ ᠳᠣᠲᠣᠭᠠᠳᠤ ᠶᠢᠨ ᠦᠢᠯᠡᠳᠪᠦᠷᠢ ᠨᠦᠭᠦᠳ ᠨᠡᠶᠢᠯᠡᠭᠦᠯᠵᠦ ᠪᠠᠶᠢᠨ᠎ᠡ

ᠮᠣᠩᠭᠤᠯ ᠤᠯᠤᠰ ᠤᠨ ᠶᠡᠷᠦᠩᠬᠡᠶᠢᠯᠡᠭᠴᠢ ᠤ᠂ ᠬᠦᠷᠡᠯᠰᠦ᠋ᠬᠡ︽ᠮᠤᠨᠺᠤᠨᠳᠢ︾ᠰᠢᠬᠢᠷ᠂ ᠱᠣᠻᠣᠯᠠᠳ᠋ ᠤᠨ ᠦᠢᠯᠡᠳᠪᠦᠷᠢ ᠳᠤ ᠠᠵᠢᠯᠯᠠᠯ᠎ᠠ᠃ ᠤᠷᠲᠤ ᠬᠤᠭᠤᠴᠠᠭ᠎ᠠ ᠲᠠᠢ᠂  ᠬᠦᠦ ᠪᠠᠭ᠎ᠠ ᠲᠠᠢ ᠵᠢᠭᠡᠯᠡ ᠳᠤ ᠬᠠᠮᠤᠷᠤᠭᠤᠯᠬᠤ᠂ 3-5 ᠵᠢᠯ ᠤᠨ ᠬᠤᠭᠤᠴᠠᠭᠠᠨ ᠳᠤ ᠲᠠᠲᠠᠪᠤᠷᠢ ᠶᠢᠨ ᠬᠥᠩᠭᠡᠯᠡᠯᠲᠡ ᠦᠵᠡᠭᠦᠯᠬᠦ᠂ ᠲᠦᠭᠦᠬᠡᠢ ᠡᠳ᠋᠂ ᠲᠣᠨᠤᠭ ᠲᠥᠬᠦᠭᠡᠷᠦᠮᠵᠢ ᠶᠢ ᠭᠠᠶᠢᠯᠢ᠂  ᠨᠡᠮᠡᠭᠦᠦ ᠥᠷᠲᠡᠭ ᠤᠨ ᠠᠯᠪᠠᠨ ᠲᠠᠲᠠᠪᠤᠷᠢ ᠠᠴᠠ ᠴᠢᠯᠦᠭᠡᠯᠡᠬᠦ ᠨᠢ ᠳᠣᠲᠣᠭᠠᠳᠤ ᠶᠢᠨ ᠦᠢᠯᠡᠳᠪᠦᠷᠢ ᠨᠦᠭᠦᠳ ᠲᠤ ᠲᠣᠮᠤᠬᠠᠨ ᠳᠡᠮᠵᠢᠯᠭᠡ ᠪᠣᠯᠤᠨ᠎ᠠ ᠭᠡᠳᠡᠭ ᠢ︽ ᠪᠤᠰᠠ ᠬᠤᠯᠯᠳᠢᠨ︾ᠺᠤᠮᠫᠠᠨᠢ ᠶᠢᠨ  ᠶᠡᠷᠦᠩᠬᠡᠶ ᠵᠠᠬᠢᠷᠤᠯ ᠪ∙ᠨᠠᠨᠳᠢᠨᠴᠢᠮᠡᠭ ᠬᠡᠯᠡᠯ᠎ᠡ᠃
ᠳᠣᠲᠣᠭᠠᠳᠤ ᠶᠢᠨ  ᠵᠠᠬ᠎ᠠ ᠵᠡᠭᠡᠯᠢ ᠳᠠᠬᠢ ᠰᠢᠬᠢᠷ ᠤᠨ 97 ᠬᠤᠪᠢ ᠨᠢ ᠢᠮᠫᠣᠷᠲ ᠤᠨ ᠪᠦᠲᠦᠭᠡᠭᠳᠡᠬᠦᠨ ᠪᠠᠶᠢᠨ᠎ᠡ᠃ ᠬᠡᠷᠪᠡ ᠵᠢᠭᠡᠯᠡ ᠣᠯᠭᠤᠵᠤ᠂ ᠲᠠᠲᠠᠪᠤᠷᠢ ᠶᠢᠨ ᠪᠣᠳᠣᠯᠭ᠎ᠠ ᠪᠠᠷ ᠳᠡᠮᠵᠢᠪᠡᠯ︽ᠮᠤᠨᠺᠤᠨᠳᠢ︾ᠦᠢᠯᠡᠳᠪᠦᠷᠢ ᠭᠡᠬᠦ ᠳᠤ ᠯᠡ ᠰᠢᠬᠢᠷ ᠤᠨ 15᠂ ᠱᠣᠻᠣᠯᠠᠳ᠋ ᠤᠨ 10᠂ ᠱᠣᠻᠣᠯᠠᠳ᠋ ᠤᠨ ᠺᠷᠧᠮ ᠤᠨ 20᠂ ᠥᠳᠬᠡᠷᠡᠭᠦᠯᠦᠭᠰᠡᠨ ᠰᠦᠨ ᠤ ᠲᠠᠪᠤᠨ ᠬᠤᠪᠢ ᠶᠢ ᠳᠠᠩ ᠢᠶᠠᠷ ᠢᠶᠠᠨ ᠬᠠᠩᠭᠠᠬᠤ ᠬᠦᠴᠦᠨ ᠴᠢᠳᠠᠯ ᠲᠠᠢ᠃ ᠢᠩᠭᠢᠭᠰᠡᠨ ᠢᠶᠠᠷ ᠵᠢᠷᠭᠤᠭᠠᠨ ᠰᠠᠶ᠎ᠠ ᠣᠷᠴᠢᠮ ᠳ᠋ᠣᠯᠯᠠᠷ ᠮᠣᠩᠭᠤᠯ ᠤᠯᠤᠰ ᠲᠤ ᠦᠯᠡᠳᠡᠬᠦ  ᠪᠤᠯᠤᠮᠵᠢ ᠲᠠᠢ᠃

ᠰᠡᠳᠬᠢᠭᠳᠡᠯ ᠦᠯᠡᠳᠡᠭᠡᠬᠦ