ᠲ᠊ · ᠡᠩᠬᠡᠪᠠᠲᠤ︽ᠨᠠᠪᠤᠺᠺᠤ︾ᠳᠠᠭᠤᠷᠢ ᠳᠤ ᠳᠠᠭᠤᠯᠠᠯ᠎ᠠ | News.MN

ᠲ᠊ · ᠡᠩᠬᠡᠪᠠᠲᠤ︽ᠨᠠᠪᠤᠺᠺᠤ︾ᠳᠠᠭᠤᠷᠢ ᠳᠤ ᠳᠠᠭᠤᠯᠠᠯ᠎ᠠ

ᠳᠠᠭᠤᠷᠢ ᠶᠢᠨ ᠳᠠᠭᠤᠴᠢᠨ ᠲ᠊·ᠡᠩᠬᠡᠪᠠᠲᠤ  ᠶᠧᠺᠠᠲᠷᠢᠨᠪᠦ᠋ᠷᠡᠭ ᠬᠤᠲᠠ ᠶᠢᠨ ᠳᠠᠭᠤᠷᠢ ᠶᠢᠨ ᠲᠢᠶᠠᠲᠷ ᠤᠨ ᠲᠠᠶᠢᠵᠠᠨ᠎ᠠ ᠢᠲ᠋ᠠᠯᠢ ᠶᠢᠨ ᠰᠤᠤᠲᠤ ᠬᠥᠭᠵᠢᠮ ᠤᠨ ᠵᠣᠬᠢᠶᠠᠯᠴᠢ ᠵ᠊ ·ᠸᠧᠷᠳ᠋ ᠤᠨ︽ᠨᠠᠪᠤᠺᠺᠤ︾ᠳᠠᠭᠤᠷᠢ ᠶᠢᠨ ᠨᠠᠪᠤᠺᠺᠤ ᠬᠠᠭᠠᠨ ᠤ ᠳᠦᠷᠢ ᠳᠤ ᠡᠨᠡ ᠰᠠᠷ᠎ᠠ ᠶᠢᠨ 15  ᠳᠤ ᠠᠮᠵᠢᠯᠲᠠᠲᠠᠶ  ᠳᠠᠭᠤᠯᠠᠯ᠎ᠠ᠃ ᠲᠡᠷᠡ ᠪᠠᠷ ᠤᠭ ᠲᠢᠶᠠᠲᠷ ᠲᠤ ᠤᠷᠢᠯᠭ᠎ᠠ ᠪᠠᠷ ᠢᠷᠠᠵᠤ ᠳᠠᠭᠤᠯᠠᠭᠰᠠᠨ ᠪᠠᠶᠢᠨ᠎ᠡ᠃
ᠲ᠊ ·ᠡᠩᠬᠡᠪᠠᠲᠤ ᠶᠢᠨ ᠬᠤᠪᠢ ᠳᠤ 2016 ᠣᠨ ᠳᠤ ᠠᠯᠳᠠᠷᠲᠤ  ᠮᠠᠷᠢᠨᠢᠰᠺᠢ ᠶᠢᠨ ᠲᠢᠶᠠᠲᠷ ᠲᠤ ᠠᠵᠢᠯᠯᠠᠬᠤ ᠤᠷᠢᠯᠭ᠎ᠠ ᠬᠦᠯᠢᠶᠡᠨ ᠠᠪᠴᠤ ᠬᠡᠰᠡᠭ ᠬᠤᠭᠤᠴᠠᠭᠠᠨ ᠳᠤ ᠠᠵᠢᠯᠯᠠᠵᠤ ᠪᠠᠶᠢᠭᠰᠠᠨ ᠪᠥᠭᠡᠳ 2017 ᠣᠨ ᠳᠤ ᠰᠠᠨᠲ ᠫᠧᠲᠷᠪᠦ᠋ᠷᠡᠭ ᠤᠨ  ᠷᠢᠮᠢᠰᠺᠢ ᠺᠤᠷᠰᠠᠺᠤᠸ᠋ ᠤᠨ ᠨᠡᠷᠡᠮᠵᠢᠲᠦ ᠺᠣᠨ᠋ᠰᠧᠷᠸᠠᠲ᠋ᠣᠷ ᠢ ᠲᠡᠭᠦᠰᠦᠭᠰᠡᠨ  ᠶᠤᠮ᠃ ᠤᠷᠲᠤ ᠶᠢᠨ ᠳᠠᠭᠤᠴᠢᠨ ᠳ᠋᠊ ·ᠲᠦᠪᠰᠢᠨᠵᠢᠷᠭᠠᠯ ᠤᠨ ᠬᠦᠦ ᠲᠡᠷᠡ ᠪᠠᠷ ᠣᠯᠠᠨ ᠤᠯᠤᠰ ᠤᠨ ᠳᠠᠭᠤᠷᠢ ᠶᠢᠨ ᠳᠠᠭᠤᠴᠢᠳ ᠤᠨ ᠴᠥᠭᠡᠨ ᠦᠭᠡᠶ ᠤᠷᠤᠯᠳᠤᠭᠠᠨ ᠳᠤ ᠱᠠᠩᠨᠠᠯᠲᠤ ᠪᠠᠶᠢᠷᠢ ᠡᠵᠡᠯᠡᠵᠦ ᠪᠠᠶᠢᠭᠰᠠᠨ ᠪᠢᠯᠡ᠃

ᠰᠡᠳᠬᠢᠭᠳᠡᠯ ᠦᠯᠡᠳᠡᠭᠡᠬᠦ