ᠰ᠊·ᠡᠷᠳᠡᠨᠢ᠄ ᠠᠷᠠᠳᠴᠢᠯᠠᠭᠰᠠᠨ ᠨᠠᠮ ᠳᠤ ᠬᠠᠤᠯᠢ ᠶᠢᠨ ᠮᠠᠷᠭᠤᠭᠠᠨ ᠦᠯᠡᠳᠡᠭᠡ ᠦᠭᠡᠢ | News.MN

ᠰ᠊·ᠡᠷᠳᠡᠨᠢ᠄ ᠠᠷᠠᠳᠴᠢᠯᠠᠭᠰᠠᠨ ᠨᠠᠮ ᠳᠤ ᠬᠠᠤᠯᠢ ᠶᠢᠨ ᠮᠠᠷᠭᠤᠭᠠᠨ ᠦᠯᠡᠳᠡᠭᠡ ᠦᠭᠡᠢ

ᠠᠷᠠᠳᠴᠢᠯᠠᠭᠰᠠᠨ ᠨᠠᠮ  ᠴᠠᠬ ᠦᠶ᠎ᠡ ᠶᠢᠨ ᠠᠰᠠᠭᠤᠳᠠᠯ ᠢᠶᠠᠷ ᠮᠡᠳᠡᠭᠡᠯᠡᠯ ᠬᠢᠯ᠎ᠡ᠃  ᠠᠷᠠᠳᠴᠢᠯᠠᠭᠰᠠᠨ ᠨᠠᠮ  ᠤᠨ ᠭᠡᠰᠢᠭᠦᠨ ᠰ᠊ · ᠡᠷᠳᠡᠨᠢ ᠄ ᠠᠷᠠᠳᠴᠢᠯᠠᠭᠰᠠᠨ ᠨᠠᠮ ᠳᠤ ᠬᠠᠤᠯᠢ ᠡᠷᠬᠡ ᠵᠦᠢ ᠶᠢᠨ  ᠮᠠᠷᠭᠤᠭᠠᠨ ᠦᠯᠡᠳᠡᠭᠡ ᠦᠭᠡᠢ᠃ ᠥᠭᠡᠷ᠎ᠡ ᠪᠠᠷ ᠬᠡᠯᠡᠪᠡᠯ᠂ ᠪᠦᠬᠦ ᠵᠦᠶᠯ ᠨᠣᠮ ᠵᠢᠷᠤᠮ᠂ ᠬᠠᠤᠯᠢ ᠶᠢᠨ ᠳᠠᠭᠠᠤ ᠰᠢᠢᠳᠦᠭᠳᠡᠭᠰᠡᠨ᠃ ᠤᠳᠤ ᠪᠢᠳᠡ ᠦᠨᠳᠦᠰᠦᠨ ᠤ ᠪᠣᠳᠣᠯᠭ᠎ᠠ ᠶᠢᠨ ᠬᠤᠷᠢᠶᠠᠨ ᠤ ᠪᠦᠲᠦᠴᠡ ᠵᠣᠬᠢᠶᠠᠨ ᠪᠠᠶᠢᠭᠤᠯᠤᠯᠲᠠ ᠶᠢ ᠪᠤᠯᠪᠡᠰᠦᠷᠡᠩᠭᠤᠢ ᠪᠣᠯᠭᠠᠬᠤ ᠪᠠᠷ ᠠᠵᠢᠯᠯᠠᠵᠤ ᠪᠠᠶᠢᠨ᠎ᠡ᠃ ᠪᠢᠳᠡ ᠰᠥᠷᠭᠦ ᠬᠦᠴᠦᠨ ᠤ ᠪᠠᠶᠢᠳᠠᠯ ᠢᠶᠠᠷ ᠢᠳᠡᠪᠬᠢᠲᠡᠢ᠂ ᠣᠯᠠᠨ ᠠᠰᠠᠭᠤᠳᠠᠯ ᠳᠤ ᠠᠩᠬᠠᠷᠤᠯ ᠢᠶᠠᠨ ᠬᠠᠨᠳᠤᠭᠤᠯᠤᠨ ᠠᠵᠢᠯᠯᠠᠬᠤ ᠱᠠᠭᠠᠷᠳᠠᠯᠭ᠎ᠠ ᠲᠠᠢ ᠪᠠᠶᠢᠭ᠎ᠠ᠃
1990 ᠣᠨ ᠠᠴᠠ ᠬᠤᠶᠢᠰᠢ ᠮᠠᠨ ᠤ ᠨᠠᠮ ᠤᠯᠡᠩᠬᠢ ᠪᠣᠯᠵᠤ᠂ ᠡᠷᠭᠡ ᠪᠠᠷᠢᠵᠤ ᠦᠵᠡᠭᠡ ᠦᠭᠡᠶ ᠴᠤ ᠠᠴᠢ ᠬᠤᠯᠪᠣᠭᠳᠠᠯ ᠲᠠᠢ ᠰᠢᠢᠳᠪᠦᠷᠢ ᠭᠠᠷᠭᠠᠵᠤ᠂ ᠥᠭᠡᠷᠡᠴᠢᠯᠡᠯᠲᠡ᠂ ᠪᠦᠲᠦᠭᠡᠨ ᠪᠠᠶᠢᠭᠤᠯᠤᠯᠲᠠ ᠶᠢ ᠬᠢᠵᠦ ᠴᠢᠳᠠᠭᠰᠠᠨ᠃ ᠣᠳᠤ ᠭᠤᠷᠪᠠᠨ ᠠᠶᠢᠮᠠᠭ ᠲᠤ ᠨᠥᠬᠦᠨ ᠰᠣᠩᠭᠤᠭᠤᠯᠢ ᠶᠠᠪᠤᠭᠳᠠᠬᠤ ᠪᠥᠭᠡᠳ  ᠰᠣᠩᠭᠤᠭᠤᠯᠢ ᠶᠢᠨ ᠶᠡᠷᠦᠩᠬᠡᠢ ᠬᠤᠷᠢᠶ᠎ᠠ ᠡᠴᠡ ᠠᠷᠠᠳᠴᠢᠯᠠᠭᠰᠠᠨ ᠨᠠᠮ ᠳᠦ ᠶᠡᠮᠡᠷ ᠨᠢᠭᠡᠨ ᠮᠡᠳᠡᠭᠡᠯᠡᠯ ᠢᠷᠡᠭᠦᠯᠦᠭᠰᠡᠨ ᠦᠭᠡᠢ᠂ ᠪᠢᠳᠡ ᠥᠪᠡᠷᠰᠡᠳ ᠢᠶᠠᠨ ᠬᠥᠭᠡᠭᠡᠴᠡᠯᠳᠦᠵᠦ ᠮᠡᠳᠡᠭᠡᠯᠡᠯ ᠠᠪᠴᠤ ᠪᠠᠶᠢᠨ᠎ᠡ ᠭᠡᠪᠡ᠃

ᠰᠡᠳᠬᠢᠭᠳᠡᠯ ᠦᠯᠡᠳᠡᠭᠡᠬᠦ