ᠬᠥᠪᠰᠥᠬᠦᠯ ᠨᠠᠭᠤᠷ ᠢ ᠶᠤᠨᠧᠰᠺᠤ ᠳᠤ ᠪᠦᠷᠢᠳᠬᠡᠵᠡᠢ | News.MN

ᠬᠥᠪᠰᠥᠬᠦᠯ ᠨᠠᠭᠤᠷ ᠢ ᠶᠤᠨᠧᠰᠺᠤ ᠳᠤ ᠪᠦᠷᠢᠳᠬᠡᠵᠡᠢ

ᠹᠷᠠᠨᠼᠢ ᠤᠯᠤᠰ ᠤᠨ ᠨᠡᠶᠢᠰᠯᠡᠯ ᠫᠠᠷᠢᠰ ᠬᠤᠲᠠ ᠳᠤ UNESCO ᠬᠥᠮᠦᠨ ᠪᠠ ᠰᠢᠮ᠎ᠡ ᠮᠠᠨᠳᠠᠯ ᠤᠨ ᠬᠥᠲᠥᠯᠪᠦᠷᠢ ᠶᠢᠨ ᠣᠯᠠᠨ ᠤᠯᠤᠰ ᠤᠨ ᠵᠤᠬᠢᠴᠠᠭᠤᠯᠬᠤ ᠵᠥᠪᠯᠡᠯ ᠤᠨ 34 ᠳ᠋ᠦ᠋ᠭᠡᠷ ᠬᠤᠷᠠᠯ ᠪᠤᠯᠵᠤ ᠬᠥᠪᠰᠥᠬᠦᠯ ᠨᠠᠭᠤᠷ ᠢ  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ  ᠪᠣᠯᠪᠠᠰᠤᠷᠠᠯ᠂ ᠰᠤᠶᠦᠯ᠂ ᠰᠢᠨᠵᠢᠯᠡᠬᠦ ᠤᠬᠠᠭᠠᠨ ᠤ ᠪᠠᠶᠢᠭᠤᠯᠤᠯᠭ᠎ᠠ ᠬᠦᠯᠢᠶᠡᠨ ᠠᠪᠴᠤ ᠪᠦᠷᠢᠳᠬᠡᠵᠡᠢ᠃ ᠡᠨᠡ ᠲᠤᠬᠠᠢ ᠤᠯᠤᠰ ᠤᠨ ᠶᠡᠭᠡ ᠬᠤᠷᠠᠯ  ᠤᠨ ᠭᠡᠰᠢᠭᠦᠨ ᠯ᠊·ᠡᠩᠬᠡ ᠠᠮᠦᠭᠤᠯᠡᠩ ᠥᠪᠡᠷ ᠤᠨ ᠴᠠᠬᠢᠮ ᠬᠠᠭᠤᠳᠠᠰᠤᠨ ᠳᠠᠭᠠᠨ ᠪᠢᠴᠢᠭᠰᠡᠨ ᠪᠠᠶᠢᠨ᠎ᠡ᠃
ᠲᠡᠷᠡ ᠪᠠᠷ᠄︽ᠬᠥᠬᠡ ᠰᠤᠪᠤᠳ︾ᠬᠥᠲᠥᠯᠪᠦᠷᠢ ᠶᠢ ᠳᠡᠮᠵᠢᠵᠦ᠂ ᠬᠥᠪᠰᠥᠬᠦᠯ ᠨᠠᠭᠤᠷ ᠢᠶᠠᠨ ᠳᠡᠯᠡᠬᠡᠢ ᠶᠢᠨ ᠪᠠᠶᠢᠭᠠᠯᠢ ᠶᠢᠨ ᠥᠪ ᠲᠤ ᠪᠦᠷᠢᠳᠬᠡᠭᠦᠯᠬᠦ ᠦᠢᠯᠡᠰ ᠲᠤ ᠭᠠᠷ ᠪᠡᠶ᠎ᠠ᠂ ᠰᠡᠦᠡᠬᠢᠯ ᠵᠢᠷᠦᠬᠡ ᠪᠠᠨ ᠵᠣᠷᠢᠭᠤᠯᠤᠭᠰᠠᠨ ᠪᠦᠬᠦ ᠬᠦᠮᠦᠨ ᠳ᠋ᠤ  ᠴᠢᠩ ᠰᠡᠳᠬᠢᠯ ᠤᠨ ᠲᠠᠯᠠᠷᠬᠠᠯ ᠢᠯᠡᠷᠬᠡᠶᠢᠯᠡᠪᠡ ᠬᠡᠮᠡᠵᠡᠢ᠃ ᠰᠣᠨᠢᠷᠬᠠᠭᠤᠯᠬᠤ ᠳᠤ᠂  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ  ᠪᠣᠯᠪᠠᠰᠤᠷᠠᠯ᠂ ᠰᠤᠶᠦᠯ᠂ ᠰᠢᠨᠵᠢᠯᠡᠬᠦ ᠤᠬᠠᠭᠠᠨ ᠤ ᠪᠠᠶᠢᠭᠤᠯᠤᠯᠭ᠎ᠠ  ᠬᠦᠪᠰᠦᠭᠦᠯ ᠦᠨ1.7  ᠰᠠᠶ᠎ᠠ ᠭᠠ ᠭᠠᠵᠠᠷ ᠢ ᠪᠦᠷᠢᠳᠬᠡᠵᠡᠢ᠃

ᠰᠡᠳᠬᠢᠭᠳᠡᠯ ᠦᠯᠡᠳᠡᠭᠡᠬᠦ