︽ᠪᠠᠺᠤᠯᠠ ᠷᠢᠮᠪᠤᠴᠢ︾ᠰᠢᠤᠳᠠᠨ ᠤ ᠮᠠᠷᠺ ᠢ ᠨᠡᠭᠡᠭᠡᠪᠡ | News.MN

︽ᠪᠠᠺᠤᠯᠠ ᠷᠢᠮᠪᠤᠴᠢ︾ᠰᠢᠤᠳᠠᠨ ᠤ ᠮᠠᠷᠺ ᠢ ᠨᠡᠭᠡᠭᠡᠪᠡ

︽ᠺᠤᠱᠤᠺ ᠪᠠᠺᠤᠯᠠ ᠷᠢᠮᠪᠤᠴᠢ︾ ᠶᠢᠨ ᠨᠡᠷᠡᠮᠵᠢᠲᠦ ᠰᠢᠤᠳᠠᠨ ᠤ ᠮᠠᠷᠻ ᠨᠡᠭᠡᠭᠡᠬᠦ ᠶᠣᠰᠣᠯᠠᠯ  ᠭᠠᠳᠠᠭᠠᠳᠤ ᠬᠠᠷᠢᠯᠴᠠᠭᠠᠨ ᠤ ᠶᠠᠮᠤᠨ ᠳᠤ ᠪᠣᠯᠣᠯ᠎ᠠ᠃ ᠪᠠᠺᠤᠯᠠ ᠷᠢᠮᠪᠤᠴᠢ ᠪᠦᠭᠦᠳᠡ ᠨᠠᠢᠷᠠᠮᠳᠠᠬᠤ ᠡᠨᠡᠳᠬᠡᠭ ᠤᠯᠤᠰ ᠠᠴᠠ ᠮᠣᠩᠭᠤᠯ ᠤᠯᠤᠰ ᠲᠤ ᠰᠠᠭᠤᠬᠤ ᠣᠨᠴᠠ ᠪᠥᠭᠡᠳ ᠪᠦᠷᠢᠠ ᠡᠷᠬᠡᠲᠦ ᠡᠯᠴᠢᠨ ᠰᠠᠶᠢᠳ ᠢᠶᠠᠷ 1990-2000 ᠣᠨ ᠳᠤ ᠦᠷ᠎ᠡ ᠪᠦᠲᠦᠭᠡᠯᠲᠡᠢ ᠠᠵᠢᠯᠯᠠᠵᠤ᠂ ᠮᠣᠩᠭᠤᠯ᠂ ᠡᠨᠡᠳᠬᠡᠭ ᠤᠨ ᠣᠷᠴᠢᠨ ᠦᠶ᠎ᠡ ᠶᠢᠨ ᠬᠠᠷᠢᠯᠴᠠᠭᠠᠨ ᠤ ᠪᠠᠲᠤ ᠪᠠᠬᠢ ᠰᠠᠭᠤᠷᠢ ᠶᠢ ᠲᠠᠯᠪᠢᠬᠤ ᠳᠤ ᠦᠨ᠎ᠡ ᠲᠠᠢ ᠬᠤᠪᠢ ᠨᠡᠮᠡᠷᠢ ᠣᠷᠣᠭᠤᠯᠤᠭᠰᠠᠨ ᠶᠤᠮ᠃

ᠡᠨᠡ ᠬᠦ ᠮᠠᠷᠻ ᠲᠤ ᠪᠤᠷᠬᠠᠨᠴᠢ ᠯᠠᠮ᠎ᠠ ᠪ∙ᠫᠦᠷᠪᠦᠪᠠᠲᠤ ᠶᠢᠨ ᠵᠢᠷᠤᠭᠰᠠᠨ ᠲᠦᠰᠢᠯᠭᠡᠲᠦ ᠨᠣᠮᠲᠤ ᠰᠢᠷᠡᠭᠡᠨ ᠳᠡᠭᠡᠷ᠎ᠡ ᠪᠠᠺᠤᠯᠠ ᠷᠢᠮᠪᠤᠴᠢ ᠭᠡᠭᠡᠨᠲᠡᠨ ᠢ ᠨᠣᠮᠲᠤ ᠬᠤᠪᠴᠠᠰᠤ ᠲᠠᠢ᠂ ᠬᠤᠩᠬᠤ᠂  ᠸᠴᠢᠷ ᠪᠠᠷᠢᠨ ᠵᠠᠯᠠᠷᠠᠵᠤ ᠪᠤᠢ ᠪᠠᠷ ᠳᠦᠷᠰᠦᠯᠡᠨ ᠬᠠᠷᠠᠭᠤᠯᠵᠠᠢ᠃ ᠨᠡᠭᠡᠭᠡᠯᠲᠡ ᠳᠤ ᠮᠣᠩᠭᠤᠯ ᠤᠯᠤᠰ ᠤᠨ ᠭᠤᠷᠪᠠᠳᠠᠬᠢ ᠶᠡᠷᠦᠩᠬᠡᠶᠢᠯᠡᠭᠴᠢ ᠨ᠊·ᠡᠩᠬᠡᠪᠠᠶᠠᠷ᠂ ᠨᠣᠮᠣᠨ ᠬᠠᠨ ᠭᠠᠪᠵᠤ ᠳ᠋᠊ ·ᠴᠣᠶᠢᠵᠠᠮᠰᠤ᠂ ᠡᠨᠡᠳᠬᠡᠭ ᠦᠨ ᠬᠠᠤᠯᠢ ᠵᠦᠢ ᠶᠢᠨ ᠰᠠᠶᠢᠳ  ᠺᠢᠷᠧᠨ  ᠷᠢᠵᠢᠵᠦ᠂ ᠡᠨᠡᠦᠡᠭᠡᠭ ᠤᠯᠤᠰ ᠠᠴᠠ ᠮᠣᠩᠭᠤᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠠ ᠡᠷᠬᠡᠲᠦ ᠡᠯᠴᠢᠨ ᠰᠠᠶᠢᠳ ᠮ᠊∙ᠫᠠ᠊∙ ᠰᠢᠩᠾ ᠨᠠᠷ ᠣᠷᠣᠯᠴᠠᠭᠰᠠᠨ ᠶᠤᠮ᠃

ᠰᠡᠳᠬᠢᠭᠳᠡᠯ ᠦᠯᠡᠳᠡᠭᠡᠬᠦ