ᠠᠷᠤᠬᠠᠩᠭᠠᠢ ᠠᠶᠢᠮᠠᠭ ᠤᠨ ᠬᠡᠮᠵᠢᠶᠡᠨ ᠳᠤ 2.4 ᠰᠠᠶ᠎ᠠ ᠲᠣᠯᠤᠭᠠᠢ ᠬᠡᠭᠡᠯᠲᠦᠭᠴᠢ ᠮᠠᠯ ᠲᠤᠭᠠᠯᠠᠭᠤᠯᠤᠭᠰᠠᠨ ᠠᠴᠠ 2.1 ᠰᠠᠶ᠎ᠠ ᠲᠣᠯᠤᠭᠠᠢ ᠮᠠᠯ ᠲᠦᠯᠯᠡᠨ᠎ᠡ᠃ ᠥᠨᠥᠳᠥᠷ ᠤᠨ ᠪᠠᠶᠢᠳᠠᠯ ᠢᠶᠠᠷ ᠬᠡᠭᠡᠯᠲᠦᠭᠴᠢ ᠮᠠᠯ ᠤᠨ 90.1 ᠬᠤᠪᠢ ᠪᠤᠶᠤ 1.9 ᠰᠠᠶ᠎ᠠ ᠲᠣᠯᠤᠭᠠᠢ ᠬᠡᠭᠡᠯᠲᠦᠭᠴᠢ ᠮᠠᠯ ᠲᠥᠯᠯᠡᠵᠦ᠂ 1.8 ᠰᠠᠶ᠎ᠠ ᠲᠣᠯᠤᠭᠠᠢ ᠲᠥᠯ ᠮᠠᠯ 96 ᠬᠤᠪᠢ ᠲᠠᠶ ᠪᠣᠶᠢᠵᠢᠵᠤ ᠪᠠᠶᠢᠨ᠎ᠡ᠃
ᠲᠥᠯᠯᠡᠭᠰᠡᠨ ᠬᠡᠭᠡᠯᠲᠦᠭᠴᠢ ᠮᠠᠯ ᠤᠨ ᠲᠤᠬᠠᠢ ᠳᠤ ᠢᠩᠭᠡ ᠶᠢᠨ 78.9 ᠬᠤᠪᠢ᠂ ᠭᠡᠭᠦᠦ ᠶᠢᠨ 66 ᠬᠤᠪᠢ᠂ ᠦᠨᠢᠶᠡᠨ ᠤ 70.5 ᠬᠤᠪᠢ᠂ ᠬᠤᠨᠢᠨ ᠤ 96.4 ᠬᠤᠪᠢ᠂ ᠢᠮᠠᠭᠠᠨ ᠤ 92.1 ᠬᠤᠪᠢ ᠨᠡᠶᠢᠲᠡ ᠪᠣᠭ ᠮᠠᠯ ᠤᠨ ᠬᠡᠭᠡᠯᠲᠦᠭᠴᠢ ᠶᠢᠨ 95᠂ ᠪᠣᠳᠠ ᠮᠠᠯ ᠤᠨ ᠬᠡᠭᠡᠯᠲᠦᠭᠴᠢ ᠶᠢᠨ 69.2 ᠬᠤᠪᠢ ᠨᠢ ᠲᠥᠯᠯᠡᠭᠰᠡᠨ ᠪᠠᠶᠢᠨ᠎ᠡ᠃ 2021 ᠣᠨ ᠳᠤ ᠨᠡᠶᠢᠲᠡ ᠭᠠᠷᠤᠭᠰᠠᠨ ᠲᠥᠯ ᠤᠨ 5.7 ᠬᠤᠪᠢ ᠨᠢ ᠬᠤᠷᠣᠭᠳᠠᠵᠤ᠂ 94 ᠬᠤᠪᠢ ᠲᠠᠶ ᠪᠣᠶᠢᠵᠢᠵᠤ ᠪᠠᠶᠢᠭᠰᠠᠨ ᠪᠣᠯ ᠡᠨᠡ ᠣᠨ ᠤ ᠭᠠᠷᠤᠭᠰᠠᠨ ᠲᠥᠯ ᠤᠨ 3.2 ᠬᠤᠪᠢ ᠨᠢ ᠬᠤᠷᠣᠭᠳᠠᠵᠠᠢ᠃