ᠬᠤᠢᠳᠤ ᠬᠦᠯᠴᠦᠭᠡᠲᠦ ᠶᠢᠨ ᠬᠠᠳᠠᠨ ᠤ ᠵᠢᠷᠤᠭ ᠲᠤ 500 ᠣᠷᠴᠢᠮ ᠵᠣᠬᠢᠶᠠᠮᠵᠢ ᠪᠤᠢ | News.MN

ᠬᠤᠢᠳᠤ ᠬᠦᠯᠴᠦᠭᠡᠲᠦ ᠶᠢᠨ ᠬᠠᠳᠠᠨ ᠤ ᠵᠢᠷᠤᠭ ᠲᠤ 500 ᠣᠷᠴᠢᠮ ᠵᠣᠬᠢᠶᠠᠮᠵᠢ ᠪᠤᠢ

ᠪᠠᠶᠠᠨ ᠥᠯᠥᠭᠡᠶ ᠠᠶᠢᠮᠠᠭ ᠲᠤ ᠬᠠᠳᠠᠨ ᠤ ᠵᠢᠷᠤᠭ  ᠪᠦᠬᠦᠢ ᠳᠤᠷᠠᠰᠬᠠᠯᠲᠤ ᠭᠠᠵᠠᠷ ᠤᠳ ᠣᠯᠠᠨ᠃ ᠲᠡᠳᠡᠨ ᠤ ᠨᠢᠭᠡ ᠨᠢ  ᠬᠤᠢᠳᠤ  ᠬᠦᠯᠴᠦᠭᠡᠲᠦ ᠶᠢᠨ ᠬᠠᠳᠠᠨ ᠤ ᠰᠡᠶᠢᠯᠦᠮᠡᠯ ᠵᠢᠷᠤᠭ ᠤᠳ ᠶᠤᠮ᠃ ᠲᠤᠰ ᠭᠠᠵᠠᠷ ᠨᠢ ᠠᠶᠢᠮᠠᠭ ᠤᠨ ᠲᠥᠪ ᠥᠯᠥᠭᠡᠶ ᠬᠤᠲᠠ ᠠᠴᠠ ᠪᠠᠷᠠᠭᠤᠨ ᠡᠮᠦᠨᠡᠳᠦ ᠵᠦᠭ ᠲᠤ 109 ᠺᠢᠯᠣᠮᠧᠲᠷ ᠵᠠᠢ ᠳᠤ ᠪᠤᠶᠠᠨᠲᠤ ᠰᠤᠮᠤ ᠶᠢᠨ ᠨᠤᠳᠤᠬ ᠳᠡᠪᠢᠰᠬᠡᠷ ᠲᠤ ᠣᠷᠣᠰᠢᠳᠠᠭ᠃
ᠳᠤᠷᠠᠰᠬᠠᠯᠲᠤ ᠭᠠᠵᠠᠷ ᠲᠤ 500 ᠣᠷᠴᠢᠮ ᠵᠣᠬᠢᠶᠠᠮᠵᠢ᠂ 10 ᠮᠢᠩᠭ᠎ᠠ ᠣᠷᠴᠢᠮ ᠳᠦᠷᠰᠦᠯᠡᠯ ᠪᠠᠶᠢᠭ᠎ᠠ᠃ ᠵᠣᠬᠢᠶᠠᠮᠵᠢ ᠶᠢᠨ ᠬᠤᠪᠢ ᠳᠤ ᠶᠠᠩᠬᠢᠷ᠂ ᠠᠷᠭᠠᠯᠢ᠂ ᠪᠤᠭᠤ᠂ ᠦᠬᠡᠷ ᠵᠡᠷᠭᠡ ᠠᠮᠢᠲᠠᠳ ᠤᠨ ᠳᠦᠷᠰᠦ ᠶᠢ ᠣᠯᠠᠨ ᠶᠠᠩᠵᠤ ᠶᠢᠨ ᠠᠷᠭ᠎ᠠ ᠪᠠᠷᠢᠯ᠂ ᠬᠡᠪ ᠮᠠᠶ᠋ᠢᠭ ᠢᠶᠠᠷ ᠳᠦᠷᠰᠦᠯᠡᠭᠰᠡᠨ ᠪᠠᠶᠢᠨ᠎ᠡ᠃ ᠡᠷᠳᠡᠮᠲᠡᠳ ᠤᠨ ᠲᠠᠶᠢᠯᠪᠤᠷᠢᠯᠠᠭᠰᠠᠨ ᠢᠶᠠᠷ ᠡᠨᠳᠡᠬᠢ ᠬᠠᠳᠠᠨ ᠤ ᠵᠢᠷᠤᠭ ᠤᠨ ᠳᠤᠷᠠᠰᠬᠠᠯᠲᠤ ᠭᠠᠵᠠᠷ ᠤᠨ ᠳᠡᠶᠢᠯᠦᠩᠬᠢ ᠵᠢᠷᠤᠭ ᠤᠳ ᠨᠢ ᠬᠦᠷᠡᠯ᠂ ᠲᠡᠮᠦᠷ ᠤᠨ ᠲᠦᠷᠦᠭᠦᠦ ᠦᠶ᠎ᠡ᠂ ᠾᠦᠩᠨᠦ ᠶᠢᠨ ᠦᠶ᠎ᠡ ᠳᠤ ᠬᠤᠯᠪᠤᠭᠳᠠᠳᠠᠭ ᠃

ᠰᠡᠳᠬᠢᠭᠳᠡᠯ ᠦᠯᠡᠳᠡᠭᠡᠬᠦ