ᠮᠣᠩᠭᠤᠯ ᠪᠠᠩᠬᠢ ᠡᠨᠡ ᠣᠨ ᠤ 5 ᠳ᠋ᠤᠭᠠᠷ ᠰᠠᠷ᠎ᠠ ᠳᠤ 2152 ᠺᠢᠯᠣᠭ᠍ᠷᠠᠮ ᠦᠨᠡᠲᠦ ᠮᠧᠲ᠋ᠠᠯ ᠬᠤᠳᠠᠯᠳᠤᠨ ᠠᠪᠴᠤ᠂ ᠣᠨ ᠤ ᠡᠬᠢᠨ ᠠᠴᠠ ᠥᠰᠦᠭᠰᠡᠨ ᠳ᠋ᠦᠩ ᠢᠶᠠᠷ 6 ᠲᠣᠨ ᠦᠨᠡᠲᠦ ᠮᠧᠲ᠋ᠠᠯ ᠬᠤᠳᠠᠯᠳᠤᠨ ᠠᠪᠤᠭᠠᠳ ᠪᠠᠶᠢᠨ᠎ᠡ᠃ ᠡᠨᠡ ᠨᠢ ᠡᠮᠦᠨᠡᠬᠢ ᠣᠨ ᠤ ᠮᠦᠠ ᠦᠶ᠎ᠡ ᠶᠢᠨ ᠬᠢ ᠲᠠᠢ ᠬᠠᠷᠢᠴᠠᠭᠤᠯᠪᠠᠯ 14 ᠬᠤᠪᠢ ᠪᠠᠷ ᠪᠠᠭᠠᠰᠴᠠᠢ᠃ ᠲᠥᠪ ᠪᠠᠩᠬᠢᠨ ᠤ ᠳᠠᠷᠬᠠᠨ ᠠᠭᠤᠯᠠ ᠠᠶᠢᠮᠠᠭ ᠲᠡᠬᠢ ᠬᠡᠯᠲᠡᠰ ᠣᠨ ᠤ ᠡᠬᠢᠨ ᠠᠴᠠ ᠨᠠᠰᠢ 193.6 ᠺᠢᠯᠣᠭ᠍ᠷᠠᠮ᠂ ᠪᠠᠶᠠᠩᠬᠤᠩᠭᠤᠷ ᠠᠶᠢᠮᠠᠭ ᠲᠠᠬᠢ ᠬᠡᠯᠲᠡᠰ 304.9 ᠺᠢᠯᠣᠭ᠍ᠷᠠᠮ ᠦᠨᠡᠲᠦ ᠮᠧᠲ᠋ᠠᠯ ᠬᠤᠳᠠᠯᠳᠤᠨ ᠠᠪᠤᠭᠰᠠᠨ ᠪᠠᠶᠢᠨ᠎ᠡ᠃
ᠮᠣᠩᠭᠤᠯ ᠪᠠᠩᠬᠢᠨ ᠤ ᠦᠨᠡᠲᠦ ᠮᠧᠲ᠋ᠠᠯ ᠬᠤᠳᠠᠯᠳᠤᠨ ᠠᠪᠬᠤ ᠦᠨ᠎ᠡ ᠶᠢ ᠳᠡᠯᠡᠬᠡᠢ ᠶᠢᠨ ᠵᠠᠬ᠎ᠠ ᠵᠡᠭᠡᠯᠢ ᠳᠡᠭᠡᠷᠡᠬᠢ ᠦᠨ᠎ᠡ ᠪᠠᠷ ᠲᠣᠭᠲᠠᠭᠠᠳᠠᠭ᠃ ᠲᠠᠪᠤᠳᠤᠭᠠᠷ ᠰᠠᠷ᠎ᠠ ᠳᠤ ᠲᠡᠭᠡᠳᠦ ᠦᠨ᠎ᠡ 197622᠂ ᠳᠣᠤᠷᠠᠳᠤ ᠦᠨ᠎ᠡ 185576᠂ ᠳᠤᠮᠳᠠᠴᠢ ᠦᠨ᠎ᠡ 193114 ᠲᠥᠭᠦᠷᠢᠭ ᠪᠠᠶᠢᠪᠠ᠃