︽ᠨᠤᠷᠳ᠋  ᠠᠷᠲ 2022︾ ᠦᠵᠡᠰᠬᠦᠯᠡᠩ ᠳᠤ ᠮᠣᠩᠭᠤᠯ  ᠤᠨ 18 ᠤᠷᠠᠨ ᠪᠦᠲᠦᠭᠡᠯᠴᠢ ᠣᠷᠣᠯᠴᠠᠵᠤ ᠪᠠᠶᠢᠨ᠎ᠡ | News.MN

︽ᠨᠤᠷᠳ᠋  ᠠᠷᠲ 2022︾ ᠦᠵᠡᠰᠬᠦᠯᠡᠩ ᠳᠤ ᠮᠣᠩᠭᠤᠯ  ᠤᠨ 18 ᠤᠷᠠᠨ ᠪᠦᠲᠦᠭᠡᠯᠴᠢ ᠣᠷᠣᠯᠴᠠᠵᠤ ᠪᠠᠶᠢᠨ᠎ᠡ

ᠬᠤᠯᠪᠣᠭᠠᠨ ᠤ ᠪᠦᠭᠦᠳᠡ ᠨᠠᠶᠢᠷᠠᠮᠳᠠᠬᠤ ᠭᠧᠷᠮᠠᠨ ᠤᠯᠤᠰ  ᠲᠤ ᠵᠢᠯ ᠪᠦᠷᠢ ᠤᠯᠠᠮᠵᠢᠯᠠᠯ ᠪᠤᠯᠦᠠ ᠵᠣᠬᠢᠶᠠᠨ ᠪᠠᠶᠢᠭᠤᠯᠳᠠᠭ ᠨᠤᠷᠳ᠋  ᠠᠷᠲ ᠣᠯᠠᠨ ᠤᠯᠤᠰ ᠤᠨ ᠳᠦᠷᠰᠦᠯᠡᠬᠦ ᠤᠷᠠᠯᠢᠭ ᠤᠨ ᠦᠵᠡᠰᠬᠦᠯᠡᠩ 23 ᠳᠠᠬᠢ ᠤᠳᠠᠭ᠎ᠠ ᠪᠠᠨ ᠠᠯᠪᠠᠨ ᠶᠣᠰᠤᠭᠠᠷ ᠨᠡᠭᠡᠭᠡᠯ᠎ᠡ᠃ ᠡᠨᠡ ᠵᠢᠯ ᠤᠨ ᠦᠵᠡᠰᠬᠦᠯᠡᠩ ᠳᠤ ᠳᠡᠯᠡᠬᠡᠢ ᠶᠢᠨ 101 ᠣᠷᠣᠨ ᠤ 3000 ᠭᠠᠷᠦᠢ ᠤᠷᠠᠨ ᠪᠦᠲᠦᠭᠡᠯᠴᠢ ᠠᠴᠠ ᠰᠢᠯᠭᠠᠷᠠᠭᠰᠠᠨ 240 ᠤᠷᠠᠨ ᠪᠦᠲᠦᠭᠡᠯᠴᠢ ᠶᠢᠨ 1000 ᠣᠷᠴᠢᠮ ᠪᠦᠲᠦᠭᠡᠯ ᠢ 10 ᠳ᠋ᠤᠭᠠᠷ ᠰᠠᠷ᠎ᠠ ᠶᠢᠨ 9 ᠬᠦᠷᠳᠡᠯ᠎ᠠ ᠲᠣᠯᠢᠯᠠᠭᠤᠯᠬᠤ ᠶᠤᠮ᠃
ᠮᠣᠩᠭᠤᠯ ᠤᠯᠤᠰ ᠤᠨ ᠳᠦᠷᠰᠦᠯᠡᠬᠦ ᠤᠷᠠᠯᠢᠭ ᠤᠨ ᠰᠠᠯᠪᠤᠷᠢ ᠠᠴᠠ ᠬᠢᠨ ᠨᠤᠷᠳ᠋  ᠠᠷᠲ  ᠲᠤ 2015᠂ 2016᠂ 2019 ᠣᠨ ᠳᠤ ᠠᠮᠵᠢᠯᠲᠠᠲᠠᠶ ᠣᠷᠣᠯᠴᠠᠵᠤ ᠢᠷᠡᠭᠰᠡᠨ᠃ ᠡᠨᠡ ᠵᠢᠯ ᠦᠵᠡᠰᠬᠦᠯᠡᠩ ᠤᠨ 1500 ᠠᠮᠠ ᠳᠥᠷᠪᠡᠯᠵᠢᠨ ᠮᠧᠲᠷ ᠲᠠᠯᠠᠪᠠᠢ ᠳᠤ ᠮᠣᠩᠭᠣᠯ ᠤᠨ ᠳᠦᠷᠰᠦᠯᠡᠬᠦ ᠤᠷᠠᠯᠢᠭ ᠤᠨ ᠦᠶ᠎ᠡ ᠦᠶ᠎ᠡ ᠶᠢᠨ 18 ᠤᠷᠠᠨ ᠪᠦᠲᠦᠭᠡᠯᠴᠢ ᠶᠢᠨ 56 ᠪᠦᠲᠦᠭᠡᠯ  ᠳᠡᠯᠭᠡᠭᠳᠡᠵᠦ ᠪᠠᠶᠢᠨ᠎ᠡ᠃

ᠰᠡᠳᠬᠢᠭᠳᠡᠯ ᠦᠯᠡᠳᠡᠭᠡᠬᠦ