ᠮᠤᠷᠢᠨ ᠬᠤᠭᠤᠷ ᠰᠲ᠋ᠠᠨᠳᠠᠷᠲ ᠲᠠᠢ ᠪᠣᠯᠣᠯ᠎ᠠ | News.MN

ᠮᠤᠷᠢᠨ ᠬᠤᠭᠤᠷ ᠰᠲ᠋ᠠᠨᠳᠠᠷᠲ ᠲᠠᠢ ᠪᠣᠯᠣᠯ᠎ᠠ

ᠮᠤᠷᠢᠨ ᠬᠤᠭᠤᠷ ᠢ ᠠᠮᠢᠳᠤᠯᠢᠭ ᠢᠷᠠᠭᠤ ᠲᠠᠩᠰᠤᠭ ᠠᠶᠠᠯᠭᠤ ᠭᠠᠷᠭᠠᠳᠠᠭ ᠭᠡᠵᠦ ᠣᠯᠠᠨ ᠰᠤᠳᠤᠯᠤᠭᠠᠴᠢᠳ ᠪᠠᠭ᠋ᠠᠷᠬᠠᠨ ᠲᠡᠮᠳᠡᠭᠯᠡᠳᠡᠭ ᠪᠢᠯᠡ᠃ ᠬᠥᠭᠵᠢᠮ ᠢ ᠪᠦᠲᠦᠭᠡᠬᠦ ᠳᠡᠭᠡᠨ ᠮᠣᠩᠭᠤᠯ ᠤᠷᠠᠯᠠᠭᠠᠴᠢ ᠶᠢᠨ ᠣᠯᠠᠨ ᠵᠠᠭᠤᠨ ᠤ ᠲᠤᠷᠰᠢ ᠪᠦᠲᠦᠭᠡᠨ ᠪᠤᠢ ᠪᠣᠯᠭᠠᠵᠤ ᠴᠤᠭᠯᠠᠭᠤᠯᠤᠭᠰᠠᠨ ᠮᠡᠳᠡᠯᠭᠡ ᠤᠷ᠎ᠠ ᠴᠢᠳᠠᠪᠤᠷᠢ ᠶᠢᠨ ᠦᠨᠳᠦᠰᠦᠨ ᠳᠡᠭᠡᠷ᠎ᠡ ᠲᠡᠬᠦᠰ ᠲᠡᠬᠦᠯᠳᠡᠷ ᠪᠤᠯᠭᠠᠭᠰᠠᠨ ᠤᠷᠠᠯᠠᠬᠤᠢ ᠳᠤ ᠣᠷᠤᠰᠢᠬᠤ ᠠᠭᠠᠳ ᠠᠶᠠᠯᠭᠤ ᠡᠭᠦᠰᠬᠡᠭᠴᠢ ᠶᠢ ᠠᠳᠤᠭᠤᠨ ᠤ ᠬᠢᠯᠭᠠᠰᠤ ᠪᠠᠷ ᠬᠢᠳᠡᠭ ᠨᠢ ᠠᠮᠢᠳᠤᠯᠢᠭ ᠪᠣᠯᠭᠠᠬᠤ ᠳᠤ ᠭᠤᠣᠯ ᠨᠥᠯᠥᠭᠡ ᠲᠠᠢ ᠪᠠᠶᠢᠳᠠᠭ ᠃
ᠰᠡᠭᠦᠯ ᠤᠨ ᠦᠶ᠎ᠡ ᠳᠤ ᠮᠤᠷᠢᠨ ᠬᠤᠭᠤᠷ ᠬᠥᠭᠵᠢᠮ ᠢ ᠪᠦᠲᠦᠭᠡᠬᠦ ᠳᠡᠭᠡᠨ ᠡᠴᠢᠭᠡ ᠡᠪᠦᠭᠡᠳ ᠠᠴᠠ ᠥᠪᠯᠡᠭᠰᠡᠨ ᠤᠷᠠᠯᠠᠬᠤ ᠤᠬᠠᠭᠠᠨ ᠢ ᠭᠠᠵᠢᠭᠤᠳᠠᠭᠤᠯᠵᠤ᠂ ᠶᠠᠩᠵᠤ ᠪᠦᠷᠢ ᠶᠢᠨ ᠬᠡᠯᠪᠡᠷᠢ ᠬᠢᠴᠡ᠂ ᠮᠠᠲ᠋ᠧᠷᠢᠶᠠᠯ ᠢᠶᠠᠷ ᠬᠢᠬᠦ ᠪᠣᠯᠣᠭᠰᠠᠨ  ᠨᠢ ᠮᠤᠷᠢᠨ ᠬᠤᠭᠤᠷ ᠬᠥᠭᠵᠢᠮ ᠢ ᠦᠨ᠎ᠡ  ᠦᠭᠡᠢᠲᠦᠭᠦᠯᠵᠦ᠂ ᠮᠦᠠ ᠴᠢᠨᠠᠷ ᠢ ᠨᠢ ᠠᠯᠳᠠᠭᠳᠠᠭᠤᠯᠬᠤ ᠳᠤ ᠬᠦᠷᠭᠡᠵᠡᠢ᠃

ᠡᠶᠢᠮᠦ ᠳᠦ ᠮᠤᠷᠢᠨ ᠬᠤᠭᠤᠷ ᠬᠥᠭᠵᠢᠮ ᠤᠨ ᠭᠠᠶᠢᠬᠠᠮᠰᠢᠭ ᠢ ᠬᠡᠪ ᠢᠶᠠᠷ ᠠᠪᠴᠤ ᠦᠯᠡᠳᠡᠬᠦ ᠳᠤ ᠱᠠᠭᠠᠷᠳᠠᠯᠭ᠎ᠠ ᠲᠠᠢ ᠦᠨᠳᠦᠰᠦᠲᠡᠨ ᠤ ᠰᠲ᠋ᠠᠨᠳᠠᠷᠲ  ᠪᠠᠷᠢᠮᠵᠢᠶ᠎ᠠ ᠶᠢ ᠮᠤᠩᠭᠤᠯ ᠤᠯᠤᠰ ᠤᠨ ᠰᠲ᠋ᠠᠨᠳᠠᠷᠲᠴᠢᠯᠠᠯ ᠬᠡᠮᠵᠢᠯ ᠵᠦᠢ ᠶᠢᠨ ᠭᠠᠵᠠᠷ︵ᠪᠤᠳᠠᠰ᠂ ᠪᠤᠳᠠᠰ ᠤᠨ ᠪᠤᠰᠤ ᠪᠦᠲᠦᠭᠡᠭᠳᠡᠬᠦᠨ ᠦ ᠵᠢᠱᠢᠭ ᠪᠠᠷᠢᠮᠵᠢᠶ᠎ᠠ᠂ ᠬᠡᠮᠵᠢᠶ᠎ᠡ ᠶᠢ ᠪᠠᠲᠤᠯᠠᠳᠠᠭ ᠭᠠᠵᠠᠷ ᠭᠡᠵᠦ ᠤᠢᠯᠠᠭᠠᠵᠤ ᠪᠤᠯᠤᠨ᠎ᠠ︶ ᠤᠨ ᠳᠠᠷᠤᠭ᠎ᠠ ᠶᠢᠨ 2022 ᠣᠨ ᠤ ᠵᠢᠷᠭᠤᠳᠤᠭᠠᠷ ᠰᠠᠷ᠎ᠠ ᠶᠢᠨ 2 ᠤ ᠡᠳᠦᠷ ᠤᠨ ᠲᠤᠰᠢᠶᠠᠯ ᠢᠶᠠᠷ  ᠪᠦᠷᠢᠳᠭᠡᠵᠦ᠂ ᠮᠣᠩᠭᠣᠯ ᠤᠨ ᠮᠤᠷᠢᠨ ᠬᠤᠭᠤᠷ ᠤᠷᠠᠯᠠᠭᠠᠴᠢᠳ ᠤᠨ ᠬᠤᠯᠪᠣᠭᠠᠨ ᠳᠤ ᠬᠦᠯᠢᠶᠡᠯᠭᠡᠨ ᠥᠭᠭᠦᠯ᠎ᠡ᠃
ᠲᠤᠰ ᠬᠤᠯᠪᠤᠭᠠᠨ ᠤ ᠲᠡᠷᠢᠬᠦᠠ᠂ ᠮᠤᠷᠢᠨ ᠬᠤᠭᠤᠷ ᠤᠷᠠᠯᠠᠭᠠᠴᠢ ᠪ∙ᠪᠠᠶᠠᠷᠰᠠᠶᠢᠬᠠᠨ᠄ ᠠᠩᠬ᠎ᠠ 2009 ᠣᠨ ᠳᠤ ᠨᠡᠶᠢᠲᠡ ᠮᠤᠷᠢᠨ  ᠬᠤᠭᠤᠷ ᠤᠷᠠᠯᠠᠭᠠᠴᠢ᠂ ᠮᠤᠷᠢᠨ ᠬᠤᠭᠤᠷᠴᠢᠳ᠂ ᠬᠥᠭᠵᠢᠮ ᠤᠨ ᠵᠣᠬᠢᠶᠠᠯᠴᠢ᠂ ᠰᠤᠳᠤᠯᠤᠭᠠᠴᠢ ᠨᠠᠷ ᠮᠤᠷᠢᠨ ᠬᠤᠭᠤᠷ ᠤᠨ  ᠦᠨᠳᠦᠰᠦᠲᠡᠨ ᠤ ᠰᠲ᠋ᠠᠨᠳᠠᠷᠲ  ᠪᠠᠷᠢᠮᠵᠢᠶ᠎ᠠ ᠶᠢ ᠪᠤᠢ ᠪᠣᠯᠭᠠᠬᠤ ᠵᠣᠷᠢᠯᠭ᠎ᠠ ᠪᠠᠷ ᠬᠡᠯᠡᠯᠴᠡᠭᠦᠯᠭᠡ ᠬᠢᠵᠦ ᠡᠬᠢᠯᠡᠭᠰᠡᠨ᠃

ᠲᠡᠭᠦᠨ ᠠᠴᠠ ᠬᠤᠶᠢᠰᠢ ᠳᠥᠷᠪᠡᠨ ᠴᠤ ᠤᠳᠠᠭ᠎ᠠ  ᠦᠷᠭᠡᠠ  ᠬᠡᠯᠡᠯᠴᠡᠭᠦᠯᠭᠡ  ᠪᠤᠯᠵᠤ᠂ ᠮᠤᠷᠢᠨ ᠬᠤᠭᠤᠷ ᠪᠦᠲᠦᠭᠡᠬᠦ ᠳᠤ ᠱᠠᠭᠠᠷᠳᠠᠯᠭ᠎ᠠ ᠲᠠᠢ ᠮᠣᠳᠤ᠂ ᠬᠢᠯᠭᠠᠰᠤ᠂ ᠪᠠᠰᠠ ᠪᠤᠰᠤ ᠵᠦᠢᠯ ᠤᠨ ᠰᠲ᠋ᠡᠨᠳᠡᠷᠲ ᠭᠡᠮᠵᠢᠶ᠎ᠠ᠂ ᠴᠢᠨᠠᠷ ᠶᠡᠮᠡᠷ ᠪᠠᠶᠢᠬᠤ ᠵᠡᠷᠭᠡ ᠶᠢ ᠥᠪ ᠤᠯᠠᠮᠵᠢᠯᠠᠯ ᠲᠠᠢ ᠨᠢᠬᠳᠠ  ᠪᠠᠷᠢᠯᠳᠤᠭᠤᠯᠤᠨ 13 ᠵᠢᠯ ᠤᠨ ᠲᠤᠷᠰᠢ ᠣᠯᠠᠨ ᠰᠤᠳᠤᠯᠵᠤ᠂ ᠬᠡᠯᠡᠯᠴᠡᠭᠰᠡᠨ ᠤ ᠦᠷ᠎ᠡ ᠳ᠋ᠦᠩ ᠳᠤ ᠮᠤᠷᠢᠨ ᠬᠤᠭᠤᠷ ᠤᠨ ᠰᠲ᠋ᠡᠨᠳᠡᠷᠲ ᠪᠠᠷᠢᠮᠵᠢᠶ᠎ᠠ ᠪᠠᠲᠤᠯᠠᠭᠳᠠᠵᠤ ᠪᠠᠶᠢᠨ᠎ᠡ᠃ ᠮᠣᠷᠢᠨ ᠬᠤᠭᠤᠷ ᠤᠨ ᠰᠲ᠋ᠡᠨᠳᠡᠷᠲ ᠪᠠᠲᠤᠯᠠᠭᠳᠠᠭᠰᠠᠨ ᠢᠶᠠᠷ ᠴᠢᠨᠠᠭᠰᠢᠳᠠ ᠦᠨᠳᠦᠰᠦᠨ ᠤ ᠪᠤᠰᠤᠳ ᠬᠥᠭᠵᠢᠮ ᠤᠨ ᠵᠢᠮᠰᠡᠭ ᠤᠳ ᠰᠲ᠋ᠠᠨᠳᠠᠷᠲ ᠲᠠᠢ ᠪᠣᠯᠬᠤ ᠡᠬᠢᠯᠡᠯ ᠲᠠᠯᠪᠢᠭᠳᠠᠵᠤ ᠪᠠᠶᠢᠨ᠎ᠡ᠃ ᠮᠤᠷᠢᠨ ᠬᠤᠭᠤᠷ ᠳᠡᠯᠡᠬᠡᠢ ᠳᠤ ᠲᠦᠭᠡᠨ ᠳᠡᠯᠭᠡᠷᠡᠵᠦ ᠪᠤᠶ ᠣᠳᠣ ᠶᠢᠨ ᠴᠠᠬ ᠦᠶ᠎ᠡ ᠳᠤ ᠰᠲ᠋ᠡᠨᠳᠡᠷᠲ ᠬᠠᠮᠤᠬ ᠤᠨ ᠶᠡᠭᠡ ᠬᠡᠷᠡᠭ ᠲᠠᠢ ᠭᠡᠪᠡ᠃
ᠮᠤᠩᠭᠤᠯ ᠤᠯᠤᠰ ᠤᠨ ᠰᠤᠶᠦᠯ ᠤᠷᠠᠯᠢᠭ ᠤᠨ ᠶᠡᠭᠡ ᠰᠤᠷᠭᠠᠭᠤᠯᠢ ᠶᠢᠨ ᠮᠤᠷᠢᠨ ᠬᠤᠭᠤᠷ ᠤᠨ ᠪᠠᠭᠰᠢ ᠣ᠊ · ᠪᠠᠲᠤᠲᠡᠭᠦᠰ᠄ ᠣᠯᠠᠨ ᠤᠯᠤᠰ ᠤᠨ ᠡᠷᠳᠡᠮ ᠰᠢᠨᠵᠢᠯᠡᠭᠡᠨ ᠤ ᠬᠤᠷᠠᠯ ᠤᠳ ᠲᠤ ᠥᠭᠦᠯᠡᠯ᠂ ᠢᠯᠡᠳᠬᠡᠯ ᠲᠠᠯᠪᠢᠬᠤ ᠳᠤ᠂ ᠮᠤᠷᠢᠨ ᠬᠤᠭᠤᠷ ᠬᠥᠭᠵᠢᠮ ᠳᠤ ᠰᠲ᠋ᠡᠨᠳᠡᠷᠲ ᠪᠠᠶᠢᠳᠠᠭ ᠦᠦ ᠭᠡᠬᠦ ᠠᠰᠠᠭᠤᠯᠲᠠ ᠬᠠᠮᠤᠬ ᠤᠨ ᠶᠡᠭᠡ ᠢᠷᠡᠳᠡᠭ᠃

ᠥᠨᠥᠳᠥᠷ ᠰᠲ᠋ᠠᠨᠳᠠᠷᠲ ᠲᠠᠢ ᠪᠣᠯᠣᠭᠰᠠᠨ  ᠢᠶᠠᠷ ᠲᠣᠳᠤᠷᠬᠠᠶ ᠬᠠᠷᠢᠭᠤᠯᠲᠠ ᠦᠭᠬᠦ ᠪᠣᠯᠣᠮᠵᠢ ᠲᠠᠢ ᠪᠣᠯᠵᠤ ᠪᠠᠶᠢᠨ᠎ᠡ᠃ ᠮᠤᠷᠢᠨ ᠬᠤᠭᠤᠷ ᠰᠲ᠋ᠠᠨᠳᠠᠷᠲ ᠲᠠᠢ ᠪᠣᠯᠣᠭᠰᠠᠨ ᠨᠢ ᠬᠥᠭᠵᠢᠮᠴᠢᠳ ᠪᠤᠯᠦᠠ ᠰᠤᠳᠤᠯᠤᠭᠠᠴᠢ  ᠨᠠᠷ ᠲᠤ ᠲᠣᠮᠤᠬᠠᠨ ᠠᠯᠬᠤᠮ ᠪᠣᠯᠣᠯ᠎ᠠ᠃ ᠴᠢᠨᠠᠭᠰᠢᠳᠠ ᠴᠤ ᠣᠯᠠᠨ ᠠᠯᠬᠤᠮ ᠬᠢᠬᠦ ᠪᠠᠶᠢᠬᠤ ᠭᠡᠪᠡ᠃

ᠰᠲ᠋ᠡᠨᠳᠡᠷᠲ ᠪᠠᠲᠤᠯᠠᠭᠳᠠᠭᠰᠠᠨ ᠢᠶᠠᠷ ᠭᠡᠮᠵᠢᠶ᠎ᠠ᠂ ᠳᠦᠷᠰᠦ᠂ ᠳᠠᠭᠤ ᠳᠤᠤᠭᠠᠷᠤᠯᠲᠠ ᠨᠢᠭᠡᠨ ᠵᠢᠭᠳᠡ ᠪᠣᠯᠵᠤ ᠪᠠᠶᠢᠭ᠎ᠠ᠃ ᠭᠡᠮᠵᠢᠶ᠎ᠠ ᠥᠭᠡᠷᠡᠴᠢᠯᠡᠭᠳᠡᠭᠰᠡᠨ ᠢᠶᠠᠷ ᠬᠦᠭ ᠠᠯᠳᠠᠳᠠᠭ᠃ ᠡᠶᠢᠮᠦ ᠳᠤ ᠤᠷᠠᠯᠠᠭᠠᠴᠢᠳ᠂ ᠪᠠᠭᠰᠢ ᠨᠠᠷ ᠪᠦᠬᠦᠳᠠ ᠨᠢᠭᠡᠳᠦᠨ ᠬᠡᠮᠵᠢᠶᠡᠰᠦ ᠳᠡᠭᠡᠷ᠎ᠡ ᠪᠠᠨ ᠲᠣᠭᠲᠠᠭᠰᠠᠨ᠃ ᠲᠤᠭ᠎ᠠ ᠪᠦᠷᠢ ᠶᠢᠨ ᠴᠠᠭᠠᠨ᠎ᠠ ᠰᠤᠳᠤᠯᠭ᠎ᠠ ᠪᠤᠢ ᠬᠡᠮᠡᠨ ᠠᠯᠪᠠᠨ ᠤ ᠬᠢᠨ ᠣᠨᠴᠠᠯᠠᠯ᠎ᠠ᠃

ᠰᠡᠳᠬᠢᠭᠳᠡᠯ ᠦᠯᠡᠳᠡᠭᠡᠬᠦ