︽ᠤᠯᠤᠰ ᠲᠥᠷᠦ ᠶᠢᠨ ᠨᠠᠮ ᠤᠨᠲᠤᠬᠠᠢ︾ᠬᠠᠤᠯᠢ ᠶᠢ ᠰᠢᠨᠡᠴᠢᠯᠡᠨ᠎ᠡ | News.MN

︽ᠤᠯᠤᠰ ᠲᠥᠷᠦ ᠶᠢᠨ ᠨᠠᠮ ᠤᠨᠲᠤᠬᠠᠢ︾ᠬᠠᠤᠯᠢ ᠶᠢ ᠰᠢᠨᠡᠴᠢᠯᠡᠨ᠎ᠡ

ᠮᠣᠩᠭᠤᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠮᠥᠷ ᠤᠨ ᠬᠥᠲᠥᠯᠪᠦᠷᠢ  ᠳᠤ ᠪᠠᠨ ᠤᠯᠤᠰ ᠲᠥᠷᠦ ᠶᠢᠨ ᠨᠠᠮ ᠤᠳ ᠤᠨ ᠰᠢᠨᠡᠴᠢᠯᠡᠯ ᠢ ᠭᠦᠨᠵᠡᠭᠡᠶᠢᠷᠡᠭᠦᠯᠵᠦ᠂ ᠶᠣᠰᠣ ᠵᠦᠶ᠂ ᠰᠠᠬᠢᠯᠭ᠎ᠠ ᠬᠠᠷᠢᠭᠤᠴᠠᠯᠭ᠎ᠠ ᠶᠢ ᠳᠡᠭᠡᠭᠰᠢᠯᠡᠭᠦᠯᠦᠨ᠂ ᠰᠠᠩᠬᠦᠦᠵᠢᠯᠲᠡ ᠶᠢ ᠨᠢ  ᠰᠢᠯ ᠦᠨ ᠪᠣᠯᠭᠠᠬᠤ ᠲᠠᠢ ᠬᠤᠯᠪᠣᠭ᠎ᠠ ᠲᠠᠢ ᠬᠠᠤᠯᠢ ᠶᠢᠨ ᠲᠥᠰᠥᠯ ᠰᠠᠨᠠᠭᠠᠴᠢᠯᠠᠬᠤ ᠪᠠᠷ ᠲᠤᠰᠬᠠᠭᠰᠠᠨ᠃ ᠡᠨᠡ ᠳᠠᠭᠠᠤ︽ᠤᠯᠤᠰ ᠲᠥᠷᠦ ᠶᠢᠨ ᠨᠠᠮ ᠤᠨ ᠲᠤᠬᠠᠶ︾ᠬᠠᠤᠯᠢ ᠶᠢᠨ ᠰᠢᠨᠡᠴᠢᠯᠡᠭᠰᠡᠨ ᠨᠠᠶᠢᠷᠠᠭᠤᠯᠭ᠎ᠠ ᠶᠢᠨ ᠲᠥᠰᠥᠯ ᠪᠣᠯᠪᠠᠰᠤᠷᠠᠭᠤᠯᠬᠤ ᠬᠡᠯᠡᠯᠴᠡᠭᠦᠯᠭᠡ ᠬᠢᠵᠦ᠂ ᠨᠠᠮ ᠤᠳ᠂ ᠢᠷᠭᠡᠨ ᠤ ᠨᠡᠶᠢᠭᠡᠮ᠂ ᠡᠷᠳᠡᠮᠲᠡᠨ ᠰᠤᠳᠤᠯᠤᠭᠠᠴᠢ᠂ ᠢᠷᠭᠡᠳ ᠠᠴᠠ ᠰᠠᠨᠠᠯ ᠢ ᠨᠢ ᠠᠪᠴᠤ ᠪᠠᠶᠢᠨ᠎ᠡ᠃

︽ᠤᠯᠤᠰ ᠲᠥᠷᠦ ᠶᠢᠨ ᠨᠠᠮ ᠤᠨ ᠲᠤᠬᠠᠶ︾ᠬᠠᠤᠯᠢ ᠶᠢᠨ ᠰᠢᠨᠡᠴᠢᠯᠡᠭᠰᠡᠨ ᠨᠠᠶᠢᠷᠠᠭᠤᠯᠭ᠎ᠠ ᠶᠢᠨ ᠲᠥᠰᠥᠯ ᠢ ᠪᠣᠯᠪᠠᠰᠤᠷᠠᠭᠤᠯᠬᠤ ᠠᠵᠢᠯ ᠤᠨ ᠬᠡᠰᠡᠭ ᠤᠨ ᠠᠬᠠᠯᠠᠭᠴᠢ ᠶᠠ᠊ ·ᠰᠣᠳᠣᠪᠠᠭᠠᠲᠤᠷ᠄ ᠬᠠᠤᠯᠢ ᠰᠠᠨᠠᠭᠠᠴᠢᠯᠠᠭᠴᠢ ᠬᠠᠤᠯᠢ ᠶᠢᠨ ᠲᠥᠰᠥᠯ ᠳᠡᠭᠡᠨ ᠪᠦᠬᠦ ᠲᠠᠯ᠎ᠠ ᠶᠢᠨ ᠪᠠᠶᠢᠷᠢ ᠰᠠᠭᠤᠷᠢ ᠶᠢ ᠰᠣᠨᠣᠰᠴᠤ᠂ ᠰᠠᠨᠠᠯ ᠢ ᠨᠢ ᠠᠪᠬᠤ ᠡᠭᠦᠷᠭᠡ ᠲᠠᠢ᠃ ᠬᠠᠤᠯᠢ ᠶᠢ ᠰᠢᠨᠡᠴᠢᠯᠡᠨ ᠪᠣᠯᠪᠠᠰᠤᠷᠠᠭᠤᠯᠬᠤ ᠠᠰᠠᠭᠤᠳᠠᠯ ᠭᠤᠷᠪᠠᠨ ᠫᠠᠷᠯᠠᠮᠧᠨ᠋ᠲ ᠳᠠᠮᠵᠢᠭᠰᠠᠨ᠃ ᠲᠥᠷᠦ ᠶᠢᠨ ᠲᠡᠷᠢᠬᠦᠠ ᠤᠯᠤᠰ ᠲᠥᠷᠦ ᠶᠢᠨ ᠨᠠᠮ ᠤᠨ ᠰᠢᠨᠡᠳᠬᠡᠯ ᠢ ᠴᠣᠭᠴᠠ ᠪᠠᠷ ᠨᠢ ᠬᠠᠷᠠᠵᠤ᠂ ᠬᠥᠭᠵᠢᠯ ᠤᠨ ᠤᠷᠲᠤ ᠬᠤᠭᠤᠴᠠᠭᠠᠨ ᠤ ᠪᠣᠳᠣᠯᠭ᠎ᠠ ᠳᠤ ᠲᠤᠯᠭᠠᠭᠤᠷᠢᠯᠠᠨ ᠬᠢᠬᠦ ᠶᠣᠰᠤᠲᠠᠶ ᠭᠡᠰᠡᠨ ᠪᠠᠶᠢᠷᠢ ᠰᠠᠭᠤᠷᠢ ᠲᠠᠢ ᠪᠠᠶᠢᠭ᠎ᠠ᠃  ᠤᠯᠤᠰ ᠲᠥᠷᠦ ᠶᠢᠨ ᠨᠠᠮ ᠤᠨ ᠰᠢᠨᠡᠳᠬᠡᠯ ᠢ ᠬᠢᠬᠦ ᠦᠨᠳᠦᠰᠦᠨ ᠵᠣᠷᠢᠯᠭ᠎ᠠ ᠨᠢ ᠫᠠᠷᠯᠠᠮᠧᠨ᠋ᠲ ᠤᠨ ᠠᠷᠠᠳᠴᠢᠯᠠᠯ᠂ ᠦᠨᠳᠦᠰᠦᠨ ᠬᠠᠤᠯᠢᠲᠤ ᠶᠣᠰᠣᠨ ᠤ ᠲᠦᠯᠦᠪᠰᠢᠯ ᠢ ᠭᠦᠨᠵᠡᠭᠡᠶᠢᠷᠡᠭᠦᠯᠬᠦ  ᠶᠤᠮ ᠭᠡᠯ᠎ᠡ᠃

ᠰᠡᠳᠬᠢᠭᠳᠡᠯ ᠦᠯᠡᠳᠡᠭᠡᠬᠦ