︽ᠫᠠᠷᠢᠰ - 2024︾ᠤᠯᠢᠮᠫᠢᠺ ᠲᠤ ᠤᠷᠦᠯᠴᠡᠬᠤ ᠪᠠᠭ ᠢ ᠳ᠋᠊·ᠰᠤᠮᠢᠶᠠᠪᠠᠽᠠᠷ ᠠᠬᠠᠯᠠᠨ᠎ᠠ | News.MN

︽ᠫᠠᠷᠢᠰ – 2024︾ᠤᠯᠢᠮᠫᠢᠺ ᠲᠤ ᠤᠷᠦᠯᠴᠡᠬᠤ ᠪᠠᠭ ᠢ ᠳ᠋᠊·ᠰᠤᠮᠢᠶᠠᠪᠠᠽᠠᠷ ᠠᠬᠠᠯᠠᠨ᠎ᠠ

ᠮᠣᠩᠭᠣᠯ ᠤᠨ ᠦᠨᠳᠦᠰᠦᠨ ᠤ ᠤᠯᠢᠮᠫᠢᠺ ᠤᠨ ᠬᠤᠷᠢᠶ᠎ᠠ ᠶᠢᠨ ᠶᠡᠷᠦᠩᠬᠡᠶᠢᠯᠡᠭᠴᠢ ᠪ∙ᠪᠠᠲᠤᠲᠦ᠋ᠰᠢᠭ ᠥᠨᠥᠳᠥᠷ︽ ᠫᠠᠷᠢᠰ– 2024︾ ᠵᠤᠨ ᠤ ᠤᠯᠢᠮᠫᠢᠺ ᠤᠨ 33 ᠳ᠋ᠤᠭᠠᠷ ᠨᠠᠭᠠᠳᠤᠮ ᠤᠨ ᠪᠠᠭ ᠤᠨ ᠠᠬᠠᠯᠠᠭᠴᠢ ᠶᠢ ᠲᠣᠮᠢᠯᠠᠬᠤ ᠲᠤᠬᠠᠶ ᠲᠣᠭᠲᠠᠭᠠᠯ ᠢ ᠲᠠᠨᠢᠯᠴᠠᠭᠤᠯᠵᠤ᠂ ᠨᠡᠶᠢᠰᠯᠡᠯ ᠤᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠤᠲᠠ ᠶᠢᠨ ᠵᠠᠬᠢᠷᠤᠭᠴᠢ ᠳ᠋᠊ ·ᠰᠤᠮᠢᠶᠠᠪᠠᠽᠠᠷ ᠲᠤ ᠮᠣᠩᠭᠤᠯ ᠤᠯᠤᠰ ᠢᠶᠠᠨ ᠲᠥᠯᠥᠭᠡᠯᠡᠨ ᠤᠯᠢᠮᠫᠢᠺ  ᠤᠨ ᠨᠠᠭᠠᠳᠤᠮ ᠳᠤ ᠤᠷᠦᠯᠴᠡᠬᠤ ᠪᠠᠭ ᠢ ᠠᠬᠠᠯᠠᠬᠤ ᠬᠦᠨᠳᠦᠲᠡᠢ ᠡᠭᠦᠷᠭᠡ ᠶᠢ ᠦᠭᠭᠦᠯ᠎ᠡ᠃

ᠳ᠋᠊·ᠰᠤᠮᠢᠶᠠᠪᠠᠽᠠᠷ᠄ ᠤᠯᠠᠭᠠᠨᠪᠠᠭᠠᠲᠤᠷ ᠬᠤᠲᠠ ᠶᠢᠨ ᠳᠠᠷᠤᠭ᠎ᠠ ᠶᠢᠨ ᠬᠤᠪᠢ ᠳᠤ ᠮᠣᠩᠭᠤᠯ ᠤᠯᠤᠰ ᠤᠨ ᠨᠡᠷ᠎ᠡ ᠶᠢ ᠲᠡᠦᠬᠡᠨ ᠳᠤ ᠦᠯᠡᠳᠡᠭᠡᠬᠦ ᠬᠦᠨᠳᠦᠲᠡᠢ ᠡᠭᠦᠷᠭᠡ ᠶᠢ ᠬᠦᠯᠢᠶᠡᠭᠰᠡᠨ ᠳᠡᠭᠡᠨ ᠪᠡᠶᠡᠷ ᠲᠠᠢ ᠪᠠᠶᠢᠨ᠎ᠡ᠃︽ᠫᠠᠷᠢᠰ – 2024︾ ᠵᠤᠨ ᠤ  ᠤᠯᠢᠮᠫᠢᠺ ᠤᠨ ᠨᠠᠭᠠᠳᠤᠮ ᠳᠤ ᠲᠥᠷᠦ ᠶᠢᠨ ᠳᠠᠯᠪᠠᠭ᠎ᠠ ᠪᠠᠨ ᠣᠯᠠᠨ ᠤᠳᠠᠭ᠎ᠠ ᠮᠠᠨᠳᠤᠭᠤᠯᠵᠤ᠂ ᠲᠥᠷᠦ ᠶᠢᠨ ᠳᠠᠭᠤᠯᠠᠯ ᠢᠶᠠᠨ ᠣᠯᠠᠨ ᠤᠳᠠᠭ᠎ᠠ ᠡᠭᠡᠰᠢᠭᠯᠡᠭᠦᠯᠬᠦ ᠶᠢᠨ ᠲᠥᠯᠥᠭᠡ ᠬᠢᠴᠢᠶᠡᠬᠦ ᠪᠣᠯᠤᠨ᠎ᠠ ᠬᠡᠮᠡᠯ᠎ᠡ᠃

ᠰᠡᠳᠬᠢᠭᠳᠡᠯ ᠦᠯᠡᠳᠡᠭᠡᠬᠦ