ᠦᠰᠦᠴᠢᠨ᠂ ᠭᠤᠸ᠎ᠠ ᠵᠠᠰᠠᠯᠴᠢᠳ ᠤᠷ᠎ᠠ ᠴᠢᠳᠠᠪᠤᠷᠢ ᠪᠠᠷ ᠢᠶᠠᠨ ᠥᠷᠢᠰᠦᠯᠳᠦᠪᠡ | News.MN

ᠦᠰᠦᠴᠢᠨ᠂ ᠭᠤᠸ᠎ᠠ ᠵᠠᠰᠠᠯᠴᠢᠳ ᠤᠷ᠎ᠠ ᠴᠢᠳᠠᠪᠤᠷᠢ ᠪᠠᠷ ᠢᠶᠠᠨ ᠥᠷᠢᠰᠦᠯᠳᠦᠪᠡ

ᠵᠡᠭᠦᠨ ᠪᠤᠯᠦᠠ ᠭᠤᠪᠢ ᠶᠢᠨ ᠪᠦᠰᠡ ᠶᠢᠨ ᠦᠰᠦᠴᠢᠨ ᠭᠤᠸ᠎ᠠ ᠵᠠᠰᠠᠯᠴᠢ᠂ ᠬᠢᠮᠤᠰᠤ᠂ ᠳ᠋ᠢᠽᠠᠶᠢᠨ ᠤᠷᠠᠯᠠᠯ ᠤᠨ ᠪᠦᠰᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 4  ᠳᠤ ᠮᠠᠨᠳᠤᠯᠭᠤᠪᠢ ᠬᠤᠲᠠ ᠳᠤ ᠪᠣᠯᠣᠯ᠎ᠠ᠃ ᠲᠡᠮᠡᠴᠡᠭᠡᠨ ᠳᠤ ᠳᠣᠷᠣᠨᠠᠲᠤ᠂ ᠬᠡᠨᠲᠡᠢ᠂  ᠰᠦᠬᠡᠪᠠᠭᠠᠲᠤᠷ᠂ ᠵᠠᠮ ᠤᠨ ᠡᠭᠦᠳᠡ᠂ ᠳᠣᠷᠤᠨᠠᠭᠤᠪᠢ᠂ ᠡᠮᠦᠨᠡᠭᠤᠪᠢ᠂ ᠳᠤᠮᠲᠠᠭᠤᠪᠢ ᠠᠶᠢᠮᠠᠭ ᠤᠨ 41 ᠦᠰᠦᠴᠢᠨ᠂ ᠭᠤᠸ᠎ᠠ  ᠵᠠᠰᠠᠯᠴᠢᠳ ᠣᠷᠣᠯᠴᠠᠵᠤ ᠤᠷ᠎ᠠ ᠴᠢᠳᠠᠪᠤᠷᠢ ᠪᠠᠷ ᠢᠶᠠᠨ  ᠦᠷᠢᠰᠦᠯᠳᠦᠪᠡ᠃
ᠲᠡᠮᠡᠴᠡᠭᠡᠨ 10 ᠲᠥᠷᠥᠯ ᠢᠶᠠᠷ ᠶᠠᠪᠤᠭᠳᠠᠵᠤ᠂ ᠪᠠᠭ ᠤᠨ ᠨᠡᠶᠢᠯᠡᠪᠦᠷᠢ ᠳ᠋ᠦᠩ ᠢᠶᠠᠷ ᠡᠮᠦᠨᠡᠭᠤᠪᠢ ᠠᠶᠢᠮᠠᠭ ᠤᠨ ᠣᠷᠤᠯᠴᠠᠭᠴᠢᠳ︽ᠪᠦᠰᠡ ᠶᠢᠨ ᠠᠪᠤᠷᠭᠤ︾ ᠴᠣᠮᠣ ᠶᠢᠨ ᠡᠵᠡᠳ ᠪᠣᠯᠣᠭᠰᠠᠨ ᠪᠣᠯ ᠳᠤᠮᠲᠠᠭᠤᠪᠢ ᠠᠶᠢᠮᠠᠭ ᠤᠨ ᠣᠷᠤᠯᠴᠠᠭᠴᠢᠳ 1 ᠠᠯᠳᠠ᠂ 2 ᠮᠦᠡᠭᠬᠦ᠂ 2 ᠬᠦᠷᠡᠯ ᠮᠧᠳᠠᠯ ᠬᠦᠷᠲᠡᠵᠦ᠂ ᠬᠤᠶᠠᠳᠤᠭᠠᠷ ᠪᠠᠶᠢᠷᠢ ᠡᠵᠡᠯᠡᠵᠡᠢ᠃

ᠰᠡᠳᠬᠢᠭᠳᠡᠯ ᠦᠯᠡᠳᠡᠭᠡᠬᠦ