ᠮᠣᠩᠭᠤᠯ ᠤᠯᠤᠰ ᠳᠡᠯᠡᠬᠡᠢ ᠳᠤ ᠬᠠᠮᠤᠬ ᠤᠨ ᠣᠯᠠᠨ  ᠲᠠᠬᠢ ᠲᠠᠢ ᠣᠷᠣᠨ ᠪᠣᠯᠵᠠᠢ | News.MN

ᠮᠣᠩᠭᠤᠯ ᠤᠯᠤᠰ ᠳᠡᠯᠡᠬᠡᠢ ᠳᠤ ᠬᠠᠮᠤᠬ ᠤᠨ ᠣᠯᠠᠨ  ᠲᠠᠬᠢ ᠲᠠᠢ ᠣᠷᠣᠨ ᠪᠣᠯᠵᠠᠢ

ᠮᠣᠩᠭᠤᠯ ᠤᠯᠤᠰ ᠲᠤ  ᠲᠠᠬᠢ ᠠᠳᠤᠭᠤ ᠶᠢ ᠰᠡᠷᠭᠦᠭᠡᠨ ᠨᠤᠲᠤᠭᠰᠢᠭᠤᠯᠤᠭᠰᠠᠨ ᠤ 30 ᠵᠢᠯ ᠤᠨ ᠣᠶ ᠲᠣᠬᠢᠶᠠᠵᠤ ᠪᠠᠶᠢᠨ᠎ᠡ᠃  ᠲᠠᠬᠢ ᠪᠣᠯ  ᠮᠤᠩᠭᠤᠯ ᠣᠷᠣᠨ ᠤ ᠤᠨᠠᠭᠠᠨ ᠵᠦᠶᠯ ᠪᠣᠯᠪᠠᠴᠤ 1960  ‍ᠭᠠᠳ ᠣᠨ ᠳᠤ ᠪᠠᠶᠢᠭᠠᠯᠢ ᠳᠠᠭᠠᠨ ᠤᠰᠠᠳᠴᠤ ᠦᠭᠡᠢ ᠪᠣᠯᠣᠭᠰᠠᠨ ᠃ 1992 ᠣᠨ ᠤ 6 ᠳ᠋ᠤᠭᠠᠷ ᠰᠠᠷ᠎ᠠ ᠶᠢᠨ 5  ᠳᠤ ᠲᠥᠪ ᠠᠶᠢᠮᠠᠭ ᠤᠨ ᠬᠤᠰᠤᠲᠠᠢ ᠶᠢᠨ ᠨᠢᠷᠤᠭᠤᠨ ᠳᠤ ᠴᠧᠾ ᠤᠯᠤᠰ ᠤᠨ  ᠫᠷᠠᠭ᠎ᠠ ᠬᠤᠲᠠ ᠶᠢᠨ ᠠᠮᠢᠲᠠᠨ ᠤ ᠬᠦᠷᠢᠶᠡᠯᠡᠩ ᠠᠴᠠ ᠠᠩᠬᠠᠨ ᠤ 16 ᠲᠠᠬᠢ ᠶᠢ ᠠᠪᠴᠢᠷᠠᠵᠤ ᠪᠠᠶᠢᠯ᠎ᠠ᠃ ᠳᠠᠷᠠᠭ᠎ᠠ ᠡᠳᠦᠷ ᠨᠢ ᠭᠤᠪᠢ ᠠᠯᠲᠠᠢ ᠠᠶᠢᠮᠠᠭ ᠤᠨ ᠲᠠᠬᠢ ᠶᠢᠨ ᠲᠠᠯ᠎ᠠ ᠳᠤ ᠲᠠᠪᠤᠨ ᠲᠠᠬᠢ ᠲᠡᠭᠡᠭᠡᠪᠦᠷᠢᠯᠡᠨ ᠠᠪᠴᠢᠷᠠᠭᠰᠠᠨ ᠢᠶᠠᠷ  ᠲᠠᠬᠢ ᠨᠤᠲᠤᠭᠰᠢᠭᠤᠯᠬᠤ ᠠᠵᠢᠯ ᠡᠬᠢᠯᠡᠭᠰᠡᠨ ᠲᠡᠦᠬᠡ ᠲᠠᠢ᠃

ᠥᠨᠥᠳᠥᠷ ᠤᠨ ᠪᠠᠶᠢᠳᠠᠯ ᠢᠶᠠᠷ᠄ ᠬᠤᠰᠤᠲᠠᠢ ᠶᠢᠨ ᠨᠢᠷᠤᠭᠤᠨ ᠳᠤ 422  ᠲᠠᠬᠢ᠂ ᠭᠤᠪᠢ ᠶᠢᠨ ᠶᠡᠭᠡ ᠳᠠᠷᠬᠠᠨ ᠴᠠᠭᠠᠵᠠᠲᠤ ᠭᠠᠵᠠᠷ ᠲᠤ 386  ᠲᠠᠬᠢ ᠬᠤᠮ ᠤᠨ ᠲᠠᠯ᠎ᠠ ᠳᠤ 132  ᠲᠠᠬᠢ᠂ ᠨᠡᠶᠢᠲᠡ 970  ᠲᠠᠬᠢ ᠮᠣᠩᠭᠤᠯ ᠨᠤᠲᠤᠭ ᠲᠤ ᠪᠠᠨ ᠰᠡᠷᠭᠦᠭᠡᠨ ᠨᠤᠲᠤᠭᠰᠢᠵᠤ᠂ ᠮᠠᠨ ᠤ  ᠤᠯᠤᠰ ᠳᠡᠯᠡᠬᠡᠢ ᠳᠤ ᠬᠠᠮᠤᠬ ᠤᠨ ᠣᠯᠠᠨ  ᠲᠠᠬᠢ ᠲᠠᠢ ᠣᠷᠣᠨ ᠪᠣᠯᠣᠯ᠎ᠠ᠃

ᠰᠡᠳᠬᠢᠭᠳᠡᠯ ᠦᠯᠡᠳᠡᠭᠡᠬᠦ