ᠬᠠᠩᠭᠠᠷᠢ᠂ ᠮᠣᠩᠭᠤᠯ᠂ ᠶᠡᠭᠡ ᠪᠷᠢᠲ᠋ᠠᠨ ᠤ ᠬᠠᠮᠲᠤᠷᠠᠵᠤ ᠬᠢᠵᠦ ᠪᠤᠶ ᠺᠢᠨᠣ᠋ ᠶᠢᠨ ᠲᠠᠯ᠎ᠠ ᠪᠠᠷ ᠮᠡᠳᠡᠭᠳᠡᠯ ᠭᠠᠷᠭᠠᠯ᠎ᠠ | News.MN

ᠬᠠᠩᠭᠠᠷᠢ᠂ ᠮᠣᠩᠭᠤᠯ᠂ ᠶᠡᠭᠡ ᠪᠷᠢᠲ᠋ᠠᠨ ᠤ ᠬᠠᠮᠲᠤᠷᠠᠵᠤ ᠬᠢᠵᠦ ᠪᠤᠶ ᠺᠢᠨᠣ᠋ ᠶᠢᠨ ᠲᠠᠯ᠎ᠠ ᠪᠠᠷ ᠮᠡᠳᠡᠭᠳᠡᠯ ᠭᠠᠷᠭᠠᠯ᠎ᠠ

ᠲᠠᠪᠤᠳᠤᠭᠠᠷ ᠰᠠᠷ᠎ᠠ ᠶᠢᠨ 31  ᠳᠤ︽ᠮᠠᠬᠠᠨ  ᠫᠢᠺᠴᠧᠷᠰ︾ᠺᠤᠮᠫᠠᠨᠢ  ᠶᠢᠨ ᠬᠠᠤᠯᠢᠴᠢ ᠬ᠊·ᠰᠠᠷᠠᠨᠭᠡᠷᠡᠯ  ᠬᠠᠩᠭᠠᠷᠢ᠂ ᠮᠣᠩᠭᠤᠯ᠂ ᠶᠡᠭᠡ ᠪᠷᠢᠲ᠋ᠠᠨ ᠭᠤᠷᠪᠠᠨ ᠤᠯᠤᠰ ᠤᠨ ᠬᠠᠮᠲᠤᠷᠠᠨ ᠬᠢᠵᠦ ᠪᠤᠶ︽ᠪᠠᠷᠠᠭᠤᠨ ᠤ ᠬᠠᠭᠠᠯᠭ᠎ᠠ︾ᠺᠢᠨᠣ᠋ ᠶᠢᠨ ᠲᠠᠯ᠎ᠠ ᠪᠠᠷ ᠮᠡᠳᠡᠭᠡᠯᠡᠯ ᠬᠢᠭᠰᠡᠨ᠃ ᠤᠭ ᠮᠡᠳᠡᠭᠡᠯᠡᠯ ᠲᠠᠢ ᠬᠤᠯᠪᠤᠭᠳᠠᠭᠤᠯᠤᠨ ᠮᠣᠩᠭᠤᠯ ᠤᠯᠤᠰ ᠤᠨ︽ᠰᠡᠮᠡᠭᠦᠨ ᠰᠲ᠋ᠦ᠋ᠳᠢ︾ᠺᠤᠮᠫᠠᠨᠢ᠂ ᠬᠠᠩᠭᠠᠷᠢ ᠤᠯᠤᠰ ᠤᠨ︽ᠪᠠᠷᠠᠭᠤᠨ ᠤ ᠬᠠᠭᠠᠯᠭ᠎ᠠ︾ᠺᠤᠮᠫᠠᠨᠢ ᠲᠡᠷᠡᠭᠠᠬᠢ ᠮᠡᠳᠡᠭᠳᠡᠯ ᠢ ᠭᠠᠷᠭᠠᠯ᠎ᠠ᠃

ᠡᠭᠦᠨ ᠳᠤ᠄  ᠶᠠᠭᠤᠨ ᠤ ᠲᠦᠷᠦᠭᠦᠨ ᠳᠤ︽ᠮᠠᠬᠠᠨ ᠫᠢᠺᠴᠧᠷᠰ︾ᠻᠣᠮᠫᠠᠨᠢ ᠨᠢ ᠤᠭ ᠺᠢᠨᠣ᠋ ᠪᠦᠲᠦᠭᠡᠯ ᠤᠨ ᠲᠤᠬᠠᠶ ᠶᠡᠮᠡᠷ ᠨᠢᠭᠡᠨ ᠪᠠᠶᠢᠳᠠᠯ ᠢᠶᠠᠷ ᠮᠡᠳᠡᠭᠡᠯᠡᠯ ᠦᠭᠬᠦ ᠡᠷᠬᠡ ᠦᠭᠡᠢ ᠪᠣᠯᠬᠤ ᠶᠢ ᠠᠯᠪᠠᠨ ᠶᠣᠰᠤᠭᠠᠷ ᠮᠡᠳᠡᠭᠳᠡᠶ᠎ᠡ᠃ ᠮᠦᠠ ᠲᠤᠬᠠᠢ ᠶᠢᠨ ᠻᠣᠮᠫᠠᠨᠢ ᠤᠭ ᠺᠢᠨᠣ᠋ ᠪᠦᠲᠦᠭᠡᠯ ᠳᠤ ᠨᠢᠭᠡ ᠴᠤ ᠲᠥᠭᠦᠷᠢᠭ ᠤᠨ ᠬᠥᠷᠥᠩᠭᠡ ᠣᠷᠤᠭᠤᠯᠤᠯᠲᠠ ᠬᠢᠭᠡ ᠦᠭᠡᠢ ᠪᠥᠭᠡᠳ ᠺᠢᠨᠣ᠋ ᠵᠣᠬᠢᠶᠠᠯ ᠢ ᠬᠠᠩᠭᠠᠷᠢ᠂ ᠠᠩᠭ᠍ᠯᠢ ᠬᠤᠶᠠᠷ ᠤᠯᠤᠰ ᠤᠨ ᠵᠣᠬᠢᠶᠠᠯᠴᠢᠳ ᠪᠢᠴᠢᠵᠦ᠂ ᠳᠠᠭᠤᠰᠬᠠᠬᠤ ᠠᠵᠢᠯ ᠢ ᠴᠤ ᠮᠦᠠ ᠥᠪᠡᠷᠰᠡᠳ ᠢᠶᠠᠨ ᠰᠠᠩᠬᠦᠦᠵᠢᠭᠦᠯᠦᠭᠰᠡᠨ ᠭᠡᠳᠡᠭ ᠢ ᠣᠯᠠᠨ ᠨᠡᠶᠢᠲᠡ ᠳᠤ ᠳᠤᠭᠤᠯᠭᠠᠶ᠎ᠠ᠃
ᠬᠠᠩᠭᠠᠷᠢ ᠶᠢᠨ ᠲᠡᠯ᠎ᠠ︽ᠮᠠᠬᠠᠨ ᠫᠢᠺᠴᠧᠷᠰ︾ᠺᠣᠮᠫᠠᠨᠢ ᠲᠠᠢ ᠬᠠᠮᠲᠤᠷᠠᠨ ᠠᠵᠢᠯᠯᠠᠬᠤ ᠭᠡᠷ᠎ᠡ ᠪᠢᠰᠢ ᠵᠥᠪᠬᠡᠨ ᠰᠠᠨᠠᠮᠵᠢ ᠪᠢᠴᠢᠭ ᠢ ᠪᠠᠶᠢᠭᠤᠯᠤᠭᠰᠠᠨ ᠪᠠᠶᠢᠭᠰᠠᠨ ᠪᠥᠭᠡᠳ 2022 ᠣᠨ ᠤ ᠨᠢᠭᠡᠳᠦᠭᠡᠷ ᠰᠠᠷ᠎ᠠ ᠶᠢᠨ 6 ᠤ ᠡᠳᠦᠷ ᠲᠡᠷᠡ ᠬᠦ ᠰᠠᠨᠠᠮᠵᠢ ᠪᠢᠴᠢᠭ ᠢ ᠴᠤᠴᠠᠯᠠᠭᠰᠠᠨ ᠤᠴᠢᠷ ᠠᠴᠠ ᠲᠤᠬᠠᠢ ᠶᠢᠨ ᠡᠳᠦᠷ ᠠᠴᠠ ᠬᠤᠶᠢᠰᠢ ᠲᠡᠷᠡ ᠻᠣᠮᠫᠠᠨᠢ ᠨᠢ ︽ᠪᠠᠷᠠᠭᠤᠨ ᠤ ᠬᠠᠭᠠᠯᠭ᠎ᠠ︾ ᠺᠢᠨᠣ᠋ ᠶᠢᠨ ᠲᠠᠯ᠎ᠠ ᠪᠠᠷ ᠶᠡᠮᠡᠷ ᠨᠢᠭᠡᠨ ᠮᠡᠳᠡᠭᠡᠯᠡᠯ ᠦᠭᠬᠦ᠂   ᠮᠣᠩᠭᠣᠯ ᠤᠨ ᠲᠠᠯ᠎ᠠ ᠶᠢ ᠲᠥᠯᠥᠭᠡᠯᠡᠬᠦ ᠡᠷᠬᠡ ᠦᠭᠡᠢ ᠪᠣᠯᠣᠭᠰᠠᠨ ᠭᠡᠪᠡ᠃

ᠰᠡᠳᠬᠢᠭᠳᠡᠯ ᠦᠯᠡᠳᠡᠭᠡᠬᠦ