︽ᠮᠣᠩᠭᠣᠯ ᠤᠨ ᠦᠯᠭᠡ ᠭᠦᠷᠪᠡᠯ ᠤᠨ ᠰᠣᠷ ᠣᠯᠳᠠᠪᠤᠷᠢ ᠨᠤᠭᠤᠳ︾ᠰᠢᠤᠳᠠᠨ ᠤ ᠮᠠᠷᠺ  ᠭᠠᠷᠴᠠᠢ | News.MN

︽ᠮᠣᠩᠭᠣᠯ ᠤᠨ ᠦᠯᠭᠡ ᠭᠦᠷᠪᠡᠯ ᠤᠨ ᠰᠣᠷ ᠣᠯᠳᠠᠪᠤᠷᠢ ᠨᠤᠭᠤᠳ︾ᠰᠢᠤᠳᠠᠨ ᠤ ᠮᠠᠷᠺ  ᠭᠠᠷᠴᠠᠢ

ᠰᠢᠨᠵᠢᠯᠡᠬᠦ ᠤᠬᠠᠭᠠᠨ ᠤ ᠠᠻᠠᠳᠧᠮᠢ  ᠶᠢᠨ ᠫᠠᠯᠢᠶᠠᠨᠲᠯᠤᠭᠢ ᠶᠢᠨ ᠬᠦᠷᠢᠶᠡᠯᠡᠩ ᠳᠤ︽ᠮᠣᠩᠭᠣᠯ ᠤᠨ ᠦᠯᠭᠡ ᠭᠦᠷᠪᠡᠯ ᠤᠨ ᠰᠣᠷ ᠣᠯᠳᠠᠪᠤᠷᠢ ᠨᠤᠭᠤᠳ︾ᠰᠡᠳᠦᠪᠲᠦ ᠳᠥᠷᠪᠡᠨ ᠨᠡᠷ᠎ᠡ ᠪᠤᠯᠦᠠ ᠨᠢᠭᠡ ᠪᠠᠭᠴᠠ ᠰᠢᠤᠳᠠᠨ ᠤ ᠰᠢᠨ᠎ᠡ ᠮᠠᠷᠺ ᠤᠨ ᠨᠡᠭᠡᠭᠡᠯᠲᠡ  ᠪᠣᠯᠣᠯ᠎ᠠ᠃ ᠡᠨᠡ  ᠮᠠᠷᠺ ᠲᠤ ᠮᠠᠨ ᠤ ᠣᠷᠣᠨ ᠠᠴᠠ ᠣᠯᠳᠠᠭᠰᠠᠨ᠂ ᠳᠡᠯᠡᠬᠡᠢ ᠳᠤ ᠲᠠᠨᠢᠭᠳᠠᠭᠰᠠᠨ ᠦᠯᠭᠡ ᠭᠦᠷᠪᠡᠯ ᠤᠨ ᠰᠣᠷ ᠣᠯᠳᠠᠪᠤᠷᠢ ᠶᠢᠨ ᠶᠠᠰᠤᠨ ᠪᠡᠶ᠎ᠠ ᠪᠠ ᠰᠡᠷᠭᠦᠭᠡᠭᠰᠡᠨ ᠵᠢᠷᠤᠭ ᠤᠨ ᠬᠠᠮᠲᠤ ᠪᠠᠷ ᠣᠷᠣᠭᠤᠯᠵᠤ ᠥᠭᠭᠦᠭᠰᠡᠨ ᠪᠠᠶᠢᠨ᠎ᠡ᠃
ᠡᠨᠡ ᠬᠦ ᠮᠠᠷᠻ ᠨᠢ 20800 ᠰᠢᠷᠭᠡᠭ᠂  ᠪᠠᠭᠴᠠ ᠨᠢ 11000 ᠰᠢᠷᠭᠡᠭ ᠲᠤᠰ ᠲᠤᠰ ᠬᠡᠪᠯᠡᠭᠳᠡᠭᠰᠡᠨ ᠪᠥᠭᠡᠳ ᠦᠨ᠎ᠡ ᠨᠢ 500-2000 ᠲᠥᠭᠦᠷᠢᠭ ᠶᠤᠮ ᠪᠠᠶᠢᠨ᠎ᠡ᠃ ᠮᠠᠷᠺ ᠢ ᠪᠦᠲᠦᠭᠡᠬᠦ ᠳᠤ ᠰᠢᠨᠵᠢᠯᠡᠬᠦ ᠤᠬᠠᠭᠠᠨ ᠤ ᠠᠻᠠᠳᠧᠮᠢ  ᠶᠢᠨ ᠫᠠᠯᠢᠶᠠᠨᠲᠯᠤᠭᠢ ᠶᠢᠨ ᠬᠦᠷᠢᠶᠡᠯᠡᠩ ᠤᠨ ᠵᠠᠬᠢᠷᠤᠯ ᠬ᠊·ᠴᠣᠭᠲᠣᠪᠠᠭᠠᠲᠤᠷ᠂ ᠠᠺᠠᠳᠧᠮᠢᠴᠢ ᠷ᠊·ᠪᠠᠷᠰᠪᠤᠯᠤᠳ᠂ ᠰᠠᠯᠪᠤᠷᠢ ᠶᠢᠨ ᠡᠷᠬᠢᠯᠡᠭᠴᠢ ᠰ᠊ ·ᠦᠯᠵᠡᠢᠴᠡᠷᠡᠨ  ᠨᠠᠷ ᠮᠡᠷᠭᠡᠵᠢᠯ ᠤᠨ ᠵᠥᠪᠯᠡᠯᠭᠡ ᠥᠭᠴᠦ ᠬᠠᠮᠲᠤᠷᠠᠨ ᠠᠵᠢᠯᠯᠠᠵᠠᠢ᠃

ᠰᠡᠳᠬᠢᠭᠳᠡᠯ ᠦᠯᠡᠳᠡᠭᠡᠬᠦ