︽ᠮᠦᠽᠧᠶ ᠪᠠ ᠬᠡᠦᠬᠡᠳ ᠤᠳ︾ᠡᠳᠦᠷᠯᠢᠭ ᠲᠤ 150 ᠭᠠᠷᠦᠢ ᠬᠡᠦᠬᠡᠳ ᠣᠷᠣᠯᠴᠠᠪᠠ | News.MN

︽ᠮᠦᠽᠧᠶ ᠪᠠ ᠬᠡᠦᠬᠡᠳ ᠤᠳ︾ᠡᠳᠦᠷᠯᠢᠭ ᠲᠤ 150 ᠭᠠᠷᠦᠢ ᠬᠡᠦᠬᠡᠳ ᠣᠷᠣᠯᠴᠠᠪᠠ

ᠴᠦᠢᠵᠤᠩ ᠯᠠᠮ᠎ᠠ ᠶᠢᠨ ᠰᠦᠮ᠎ᠡ ᠮᠦᠽᠧᠶ ᠣᠯᠠᠨ ᠤᠯᠤᠰ ᠤᠨ ᠬᠡᠦᠬᠡᠳ ᠤᠨ ᠡᠷᠬᠡ ᠶᠢ ᠬᠠᠮᠡᠭᠠᠯᠡᠬᠤ ᠡᠳᠦᠷ ᠢ ᠤᠭᠲᠤᠨ ᠬᠥᠭᠵᠢᠯ ᠤᠨ ᠪᠡᠷᠬᠡᠰᠢᠶᠡᠯᠲᠡᠢ ᠬᠥᠮᠥᠨ ᠤ ᠬᠥᠭᠵᠢᠯ ᠤᠨ ᠶᠡᠷᠦᠩᠬᠡᠶ ᠭᠠᠵᠠᠷ ᠲᠠᠢ ᠬᠠᠮᠲᠤᠷᠠᠨ︽ᠮᠦᠽᠧᠶ ᠪᠠ ᠬᠡᠦᠬᠡᠳ ᠤᠳ︾ᠡᠳᠦᠷᠯᠢᠭ ᠢ ᠵᠣᠬᠢᠶᠠᠨ ᠪᠠᠶᠢᠭᠤᠯᠤᠯ᠎ᠠ᠃ ᠡᠳᠦᠷᠯᠢᠭ ᠨᠢ ᠬᠥᠭᠵᠢᠯ ᠤᠨ ᠪᠡᠷᠬᠡᠰᠢᠶᠡᠯᠲᠡᠢ ᠬᠡᠦᠬᠡᠳ ᠤᠳ ᠪᠤᠯᠦᠠ ᠲᠡᠳᠡᠨ ᠤ ᠭᠡᠷ ᠪᠦᠯᠢ ᠳᠤ  ᠲᠡᠦᠬᠡ᠂ ᠰᠣᠶᠤᠯ ᠤᠨ ᠥᠪ ᠢ  ᠲᠠᠨᠢᠭᠤᠯᠤᠨ ᠰᠤᠷᠲᠠᠯᠴᠢᠯᠠᠬᠤ᠂ ᠮᠦᠽᠧᠢ ᠶᠢᠨ ᠤᠷᠠᠯᠢᠭ ᠤᠨ ᠪᠣᠯᠪᠠᠰᠤᠷᠠᠯ ᠤᠨ ᠠᠵᠢᠯ ᠢ ᠲᠡᠭᠰᠢ ᠬᠦᠷᠲᠡᠭᠡᠮᠵᠢ ᠲᠠᠢ ᠬᠦᠷᠭᠡᠬᠦ᠂ ᠰᠣᠶᠤᠯ ᠤᠨ ᠦᠪ ᠢᠶᠡᠨ ᠬᠠᠶᠢᠷᠠᠯᠠᠨ ᠬᠠᠮᠡᠭᠠᠯᠡᠬᠤ᠂ ᠪᠠᠭ᠋ᠠᠷᠬᠠᠬᠤ ᠰᠡᠳᠬᠢᠯᠭᠡ ᠶᠢ ᠪᠤᠢ ᠪᠣᠯᠭᠠᠬᠤ᠂ ᠲᠥᠯᠥᠪᠰᠢᠭᠦᠯᠬᠦ ᠵᠣᠷᠢᠯᠭ᠎ᠠ ᠲᠠᠢ᠃
ᠮᠠᠨ ᠤ ᠤᠯᠤᠰ  ᠲᠤ 2021 ᠣᠨ ᠤ ᠪᠠᠶᠢᠳᠠᠯ ᠢᠶᠠᠷ᠂ ᠬᠥᠭᠵᠢᠯ ᠤᠨ ᠪᠡᠷᠬᠡᠰᠢᠶᠡᠯᠲᠡᠢ 106 ᠮᠢᠩᠭ᠎ᠠ ᠭᠠᠷᠦᠢ ᠢᠷᠭᠡᠠ ᠪᠠᠶᠢᠳᠠᠭ ᠠᠴᠠ 10 ᠬᠤᠪᠢ ᠨᠢ ᠬᠡᠦᠬᠡᠳ ᠤᠳ ᠪᠠᠶᠢᠳᠠᠭ ᠃ ᠡᠳᠦᠷᠯᠢᠭ ᠤᠨ ᠦᠶ᠎ᠡ ᠪᠠᠷ 5-14 ᠨᠠᠰᠤᠨ ᠤ ᠬᠥᠭᠵᠢᠯ ᠤᠨ ᠪᠡᠷᠬᠡᠰᠢᠶᠡᠯᠲᠡᠢ 150 ᠭᠠᠷᠦᠢ ᠬᠡᠦᠬᠡᠳ ᠭᠡᠷ ᠪᠦᠯᠢ᠂ ᠠᠰᠠᠷᠠᠨ ᠬᠠᠮᠠᠭᠠᠯᠠᠭᠴᠢ ᠶᠢᠨ ᠬᠠᠮᠲᠤ ᠪᠠᠷ ᠲᠤᠰᠬᠠᠶ ᠬᠡᠷᠡᠭᠴᠡᠭᠡᠲᠦ ᠬᠡᠦᠬᠡᠳ ᠲᠤ ᠵᠣᠷᠢᠭᠤᠯᠤᠭᠰᠠᠨ ᠰᠤᠶᠦᠯ᠂ ᠤᠷᠠᠯᠢᠭ᠂ ᠰᠫᠣᠷᠲ ᠤᠨ ᠲᠡᠮᠡᠴᠡᠭᠡᠨ ᠳᠤ ᠬᠠᠮᠤᠷᠤᠭᠳᠠᠪᠠ᠃ ᠲᠤᠬᠠᠶᠢᠯᠠᠪᠠᠯ᠂ ᠳᠣᠬᠢᠶᠠᠨ ᠤ ᠬᠡᠯᠡ ᠪᠠᠷ ᠮᠦᠽᠧᠶ ᠦᠵᠡᠵᠦ᠂ ᠤᠷᠠᠯᠢᠭ ᠤᠨ ᠲᠣᠭᠯᠠᠯᠲᠠ ᠰᠣᠨᠢᠷᠬᠠᠬᠤ ᠶᠢᠨ ᠵᠡᠷᠭᠡᠴᠡᠭᠡ ᠨᠣᠭᠤᠭᠠᠨ ᠣᠷᠴᠢᠨ ᠳᠤ ︽ᠴᠠᠮ︾᠂︽ᠠᠮᠢ ᠲᠠᠮᠢ ᠬᠤᠶᠠᠷ ᠮᠦᠽᠧᠢ ᠶᠢ ᠪᠠᠷ ᠠᠶᠠᠯᠠᠭᠰᠠᠨ ᠨᠢ︾ᠵᠡᠷᠭᠡ ᠪᠣᠯᠪᠠᠰᠤᠷᠠᠯ ᠤᠨ ᠬᠦᠲᠦᠯᠪᠦᠷᠢ ᠳᠦ ᠬᠠᠮᠤᠷᠤᠭᠳᠠᠵᠤ᠂ ᠴᠠᠮ ᠤᠨ ᠪᠠᠭ᠂ ᠪᠠᠷᠢᠮᠠᠯ ᠤᠨ ᠰᠢᠪᠠᠷ ᠢᠶᠠᠷ ᠪᠦᠲᠦᠭᠡᠯ ᠤᠷᠠᠯᠠᠭᠰᠠᠨ ᠶᠤᠮ᠃

ᠰᠡᠳᠬᠢᠭᠳᠡᠯ ᠦᠯᠡᠳᠡᠭᠡᠬᠦ