︽ᠳᠥᠷᠪᠡᠯᠵᠢᠨ ᠳᠤᠰᠤᠯ︾ᠦᠵᠡᠰᠬᠦᠯᠡᠩ ᠰᠣᠶᠤᠯ ᠤᠨ ᠶᠠᠮᠤᠨ ᠤ ᠭᠠᠯᠧᠷᠧᠢ ᠶᠢᠨ ᠲᠠᠩᠬᠢᠮ ᠳᠤ ᠭᠠᠷᠴᠤ ᠪᠠᠶᠢᠨ᠎ᠡ | News.MN

︽ᠳᠥᠷᠪᠡᠯᠵᠢᠨ ᠳᠤᠰᠤᠯ︾ᠦᠵᠡᠰᠬᠦᠯᠡᠩ ᠰᠣᠶᠤᠯ ᠤᠨ ᠶᠠᠮᠤᠨ ᠤ ᠭᠠᠯᠧᠷᠧᠢ ᠶᠢᠨ ᠲᠠᠩᠬᠢᠮ ᠳᠤ ᠭᠠᠷᠴᠤ ᠪᠠᠶᠢᠨ᠎ᠡ

ᠮᠣᠩᠭᠣᠯ ᠤᠨ ᠺᠤᠨᠲ᠋ᠧᠮᠫᠤᠷᠠᠷᠢ ᠺᠠᠯᠯᠢᠭ᠍ᠷᠡᠹᠴᠢᠳ ᠤᠨ ᠬᠤᠯᠪᠤᠭᠠᠨ ᠤ ᠤᠷᠠᠨ ᠪᠦᠲᠦᠭᠡᠯᠴᠢᠳ ᠤᠨ ᠬᠠᠮᠲᠤᠷᠠᠭᠰᠠᠨ︽ᠳᠥᠷᠪᠡᠯᠵᠢᠨ ᠳᠤᠰᠤᠯ︾ᠦᠵᠡᠰᠬᠦᠯᠡᠩ ᠰᠣᠶᠤᠯ ᠤᠨ ᠶᠠᠮᠤᠨ ᠤ ᠭᠠᠯᠧᠷᠧᠢ ᠶᠢᠨ ᠲᠠᠩᠬᠢᠮ ᠳᠤ ᠭᠠᠷᠴᠤ ᠪᠠᠶᠢᠨ᠎ᠡ᠃ ᠮᠣᠩᠭᠤᠯ ᠲᠤᠭᠤᠷᠭᠠᠲᠠᠨ ᠤ ᠲᠡᠦᠬᠡᠨ ᠴᠠᠭ ᠬᠤᠭᠤᠴᠠᠭᠠᠨ ᠳᠤ ᠬᠡᠷᠡᠭᠯᠡᠭᠳᠡᠵᠦ ᠢᠷᠡᠭᠰᠡᠨ ᠪᠢᠴᠢᠭ ᠦᠰᠦᠭ ᠤᠳ ᠢ ᠺᠠᠯᠯᠢᠭ᠍ᠷᠡᠹ ᠤᠨ ᠤᠷᠠᠯᠢᠭ ᠢᠶᠠᠷ ᠳᠠᠮᠵᠢᠭᠤᠯᠤᠨ᠂ ᠤᠯᠠᠮᠵᠢᠯᠠᠯ ᠢ ᠥᠨᠥ ᠴᠠᠭ ᠤᠨ ᠤᠷᠠᠯᠢᠭ ᠤᠨ ᠬᠡᠪ ᠮᠠᠶ᠋ᠢᠬ ᠲᠤ ᠰᠢᠩᠭᠡᠭᠡᠭᠰᠡᠨ ᠥᠪᠡᠷ ᠥᠪᠡᠷᠰᠡᠳ ᠤᠨ ᠣᠨᠴᠠᠯᠢᠭ ᠲᠠᠢ ᠪᠦᠲᠦᠭᠡᠯ ᠤᠳ ᠢ ᠳᠡᠯᠭᠡᠵᠡᠢ᠃

ᠤᠷᠠᠨ ᠪᠢᠴᠢᠯᠭᠡ ᠶᠢᠨ ᠰᠣᠩᠭᠤᠳᠠᠭ ᠲᠢᠭ ᠵᠠᠭᠪᠤᠷ ᠠᠴᠠ ᠬᠠᠯᠢᠵᠤ᠂ ᠲᠡᠭᠦᠨ ᠢ ᠥᠨᠥ ᠴᠠᠭ ᠤᠨ ᠤᠷᠠᠯᠢᠭ ᠤᠨ ᠬᠡᠮᠨᠡᠯ ᠤᠷᠤᠭᠤ ᠰᠢᠯᠵᠢᠭᠦᠯᠵᠦ᠂ ᠤᠯᠠᠮᠵᠢᠯᠠᠯ ᠬᠢᠭᠡᠳ ᠣᠷᠴᠢᠨ ᠴᠠᠭ ᠢ ᠨᠢᠭᠡᠳᠬᠡᠨ ᠨᠢᠭᠡᠨ ᠡᠺᠯᠧᠺᠲ᠋ᠢᠺ ᠤᠷᠠᠯᠢᠭ ᠤᠨ ᠥᠩᠭᠡ ᠠᠶᠠᠰ ᠢ ᠰᠢᠩᠭᠡᠭᠡᠭᠰᠡᠨ ᠺᠤᠨᠲ᠋ᠧᠮᠫᠤᠷᠠᠷᠢ ᠤᠷᠠᠨ ᠪᠢᠴᠢᠯᠭᠡ ᠶᠢ ᠲᠣᠯᠢᠯᠠᠭᠤᠯᠵᠤ ᠪᠠᠶᠢᠭ᠎ᠠ ᠪᠠᠷ ᠢᠶᠠᠨ ᠣᠨᠴᠠᠯᠢᠭ ᠦᠵᠡᠰᠬᠦᠯᠡᠩ ᠪᠣᠯᠵᠤ ᠪᠤᠶ ᠶᠤᠮ᠃

ᠰᠡᠳᠬᠢᠭᠳᠡᠯ ᠦᠯᠡᠳᠡᠭᠡᠬᠦ