︽ ᠵᠠᠩᠭᠠᠷ︾ ᠪᠠᠭᠲᠤ ᠵᠦᠴᠦᠭᠡ ᠶᠢ ᠤᠯᠠᠭᠠᠨᠪᠠᠭᠠᠲᠤᠷ ᠬᠤᠲᠠᠨ᠎ᠠ ᠲᠤᠭᠯᠠᠨ᠎ᠠ | News.MN

︽ ᠵᠠᠩᠭᠠᠷ︾ ᠪᠠᠭᠲᠤ ᠵᠦᠴᠦᠭᠡ ᠶᠢ ᠤᠯᠠᠭᠠᠨᠪᠠᠭᠠᠲᠤᠷ ᠬᠤᠲᠠᠨ᠎ᠠ ᠲᠤᠭᠯᠠᠨ᠎ᠠ

ᠮᠣᠩᠭᠤᠯ ᠤᠯᠤᠰ ᠤᠨ ᠲᠥᠷᠦ ᠶᠢᠨ ᠰᠣᠶᠣᠷᠬᠠᠯᠲᠤ᠂ ᠤᠷᠠᠯᠢᠭ ᠤᠨ ᠭᠠᠪᠢᠶᠠᠲᠤ ᠵᠢᠳᠬᠦᠯᠲᠡᠨ ᠯ᠊ · ᠸᠠᠩᠭᠠᠨ  ᠤ ᠨᠡᠷᠡᠮᠵᠢᠲᠦ ᠵᠠᠪᠬᠠᠨ ᠠᠶᠢᠮᠠᠭ ᠤᠨ ᠬᠥᠭᠵᠢᠮᠲᠦ ᠵᠦᠴᠦᠭᠡ ᠶᠢᠨ ᠲᠢᠶᠠᠲᠷ  ᠮᠣᠩᠭᠣᠯ ᠤᠨ ᠰᠣᠩᠭᠤᠳᠠᠭ ᠤᠷᠠᠨ ᠵᠣᠬᠢᠶᠠᠯ ᠤᠨ ᠭᠤᠷᠪᠠᠨ ᠣᠷᠭᠢᠯ ᠤᠨ ᠨᠢᠭᠡ︽ ᠵᠠᠩᠭᠠᠷ︾ᠲᠤᠤᠯᠢ ᠶᠢ ᠪᠠᠭᠲᠤ ᠬᠡᠦᠬᠡᠳ ᠤᠨ ᠵᠦᠴᠦᠭᠡ ᠪᠣᠯᠭᠠᠨ ᠲᠤᠭᠤᠷᠪᠢᠵᠤ ᠦᠵᠡᠭᠴᠢᠳ ᠤᠨ ᠬᠦᠷᠲᠡᠭᠡᠯ ᠪᠤᠯᠭᠠᠭᠰᠠᠨ᠃

ᠡᠷᠲᠡᠨ ᠤ ᠤᠯᠠᠮᠵᠢᠯᠠᠯᠲᠤ ᠪᠠᠭᠲᠤ ᠲᠢᠶᠠᠲᠷ ᠤᠨ ᠬᠡᠯᠪᠡᠷᠢ ᠶᠢ ᠣᠷᠴᠢᠨ ᠦᠶ᠎ᠡ ᠶᠢᠨ ᠨᠥᠬᠦᠴᠡᠯᠲᠦ ᠲᠠᠢᠰᠠ ᠶᠢᠨ  ᠬᠡᠯᠪᠡᠷᠢ ᠳᠤ ᠰᠢᠯᠵᠢᠭᠦᠯᠵᠦ᠂ ︽ᠪᠤᠮᠪᠠ ᠶᠢᠨ ᠣᠷᠣᠨ︾᠂︽ᠮᠡᠩᠭᠤᠰ ᠤᠳ ᠤᠨ ᠣᠷᠣᠨ︾ ᠢ ᠮᠠᠰᠢ ᠰᠣᠨᠢᠷᠬᠠᠯᠲᠠᠢ ᠪᠠᠷ ᠳᠦᠷᠰᠦᠯᠡᠨ ᠦᠵᠡᠭᠦᠯᠦᠭᠰᠡᠨ ᠲᠤᠰ ᠵᠦᠴᠦᠭᠡ ᠶᠢ ᠢᠷᠡᠬᠦ ᠰᠠᠷ᠎ᠠ ᠶᠢᠨ 6  ᠳᠤ ᠤᠯᠠᠭᠠᠨᠪᠠᠭᠠᠲᠤᠷ ᠬᠤᠲᠠᠨ᠎ᠠ ᠭᠠᠷᠭᠠᠬᠤ ᠭᠡᠵᠦ ᠪᠠᠶᠢᠨ᠎ᠡ᠃ ᠳ᠋ᠷᠠᠮ ᠤᠨ ᠤᠷᠠᠯᠢᠭ ᠤᠨ ᠰᠢᠯᠢᠳᠡᠭ ᠪᠦᠲᠦᠭᠡᠯ᠂ ᠤᠷᠠᠨ ᠪᠦᠲᠦᠭᠡᠯᠴᠢ ᠶᠢ ᠰᠢᠯᠭᠠᠷᠠᠭᠤᠯᠬᠤ︽ᠭᠡᠭᠡᠠ ᠮᠤᠽᠠ – 16︾ᠣᠯᠠᠨ ᠤᠯᠤᠰ ᠤᠨ ᠲᠢᠶᠠᠲᠷ ᠤᠨ ᠨᠠᠭᠠᠳᠤᠮ ᠳᠤ ᠲᠤᠰ ᠠᠶᠢᠮᠠᠭ ᠤᠨ ᠲᠢᠶᠠᠲᠷ ᠤᠨ ᠤᠷᠠᠨ ᠪᠦᠲᠦᠭᠡᠯᠴᠢᠳ︽ᠵᠠᠩᠭᠠᠷ︾ᠬᠡᠦᠬᠡᠳ ᠤᠨ ᠵᠦᠴᠦᠭᠡ ᠪᠠᠷ ᠨᠠᠢᠮᠠᠨ ᠨᠤᠮᠢᠨᠠᠼ ᠳᠦ ᠨᠡᠷ᠎ᠡ ᠳᠡᠪᠰᠢᠨ ᠦᠷᠢᠰᠦᠯᠳᠦᠬᠦ  ᠶᠤᠮ᠃

ᠰᠡᠳᠬᠢᠭᠳᠡᠯ ᠦᠯᠡᠳᠡᠭᠡᠬᠦ