ᠮᠣᠩᠭᠣᠯ ᠤᠨ ᠮᠠᠷᠠᠹᠣᠨ ᠭᠦᠶᠦᠭᠴᠢ ᠪ ∙ᠰᠧᠷᠠᠤᠳᠤ ᠶᠢᠨ ᠲᠤᠬᠠᠢ ᠲᠣᠮᠤᠬᠠᠨ ᠨᠡᠶᠢᠲᠡᠯᠡᠯ ᠭᠠᠷᠴᠠᠢ | News.MN

ᠮᠣᠩᠭᠣᠯ ᠤᠨ ᠮᠠᠷᠠᠹᠣᠨ ᠭᠦᠶᠦᠭᠴᠢ ᠪ ∙ᠰᠧᠷᠠᠤᠳᠤ ᠶᠢᠨ ᠲᠤᠬᠠᠢ ᠲᠣᠮᠤᠬᠠᠨ ᠨᠡᠶᠢᠲᠡᠯᠡᠯ ᠭᠠᠷᠴᠠᠢ

ᠰᠫᠣᠷᠲ ᠤᠨ︽ᠬᠠᠲᠤᠨ ᠬᠠᠭᠠᠨ︾ᠭᠡᠭᠳᠡᠳᠡᠭ ᠬᠥᠩᠭᠡᠨ ᠠᠲᠯᠧᠲ᠋ᠢᠺ ᠤᠨ ᠳᠡᠯᠡᠬᠡᠢ ᠶᠢᠨ ᠬᠤᠯᠪᠤᠭᠠᠨ︵World Athletics︶ ᠤ ᠡᠨᠡ ᠵᠤᠨ  ᠠᠮᠧᠷᠢᠺᠠ ᠳᠦ ᠪᠣᠯᠬᠤ ᠬᠥᠩᠭᠡᠨ ᠠᠲᠯᠧᠲ᠋ᠢᠺ ᠤᠨ  ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ  ᠳᠦ ᠵᠣᠷᠢᠭᠤᠯᠤᠨ ᠠᠯᠪᠠᠨ ᠶᠣᠰᠣᠨ ᠤ ᠴᠠᠬᠢᠮ ᠬᠠᠭᠤᠳᠠᠰᠤᠨ ᠳᠠᠭᠠᠨ ᠣᠷᠣᠨ ᠣᠷᠣᠨ ᠤ ᠣᠨᠴᠠᠯᠠᠬᠤ ᠲᠠᠮᠢᠷᠴᠢᠳ ᠤᠨ ᠲᠤᠬᠠᠢ ᠨᠡᠶᠢᠲᠡᠯᠡᠯ ᠭᠠᠷᠭᠠᠵᠤ ᠪᠤᠶ ᠪᠢᠯᠡ᠃ 2022 ᠣᠨ ᠤ ᠲᠠᠪᠤᠳᠤᠭᠠᠷ ᠰᠠᠷ᠎ᠠ ᠶᠢᠨ 23  ᠳᠤ worldathletics.org   ᠮᠣᠩᠭᠣᠯ ᠤᠨ ᠮᠠᠷᠠᠹᠣᠨ ᠭᠦᠶᠦᠭᠴᠢ ᠪ ∙ᠰᠧᠷᠠᠤᠳᠤ  ᠶᠢᠨ ᠲᠠᠯ᠎ᠠ ᠪᠠᠷ ᠲᠣᠮᠤᠬᠠᠨ ᠨᠡᠶᠢᠲᠡᠯᠡᠯ ᠭᠠᠷᠭᠠᠯ᠎ᠠ᠃  ᠬᠥᠩᠭᠡᠨ ᠠᠲᠯᠧᠲ᠋ᠢᠺ ᠤᠨ ᠶᠢᠷᠲᠢᠨᠴᠦ ᠳᠤ ᠨᠡᠷ᠎ᠡ ᠬᠦᠨᠳᠦᠲᠡᠢ ᠠᠢᠷᠯᠠᠨᠳ᠋ ᠤᠨ ᠰᠡᠳᠬᠦᠯᠴᠢ  ᠺᠠᠲ᠋ᠠᠯ  ᠳ᠋ᠡᠨᠧᠾᠢ ᠤᠭ ᠨᠡᠶᠢᠲᠡᠯᠡᠯ ᠢ  ᠪᠢᠴᠢᠵᠡᠢ᠃
110 ᠵᠢᠯ ᠤᠨ ᠲᠡᠦᠬᠡ ᠲᠠᠢ᠂ ᠡᠩᠨᠡᠭᠡᠨ ᠳᠡᠭᠡᠨ 214 ᠣᠷᠣᠨ ᠢ ᠭᠡᠰᠢᠭᠦᠨ ᠢᠶᠠᠷ ᠪᠠᠭᠲᠠᠭᠠᠭᠰᠠᠨ ᠮᠠᠨ ᠤ ᠭᠠᠷᠠᠭ ᠤᠨ ᠬᠠᠮᠤᠬ ᠤᠨ ᠲᠣᠮᠤᠬᠠᠨ ᠣᠯᠠᠨ ᠤᠯᠤᠰ ᠤᠨ ᠪᠠᠶᠢᠭᠤᠯᠤᠯᠤᠭ᠎ᠠ ᠪᠣᠯᠬᠤ WORLD ATHLETICS ᠡᠶᠢᠨ ᠬᠦ ᠮᠣᠩᠭᠣᠯ ᠤᠨ ᠲᠠᠮᠢᠷᠴᠢᠨ ᠢ ᠣᠨᠴᠠᠯᠠᠭᠰᠠᠨ ᠨᠢ ᠶᠠᠭᠠᠬᠢᠬᠤ ᠠᠷᠭ᠎ᠠ ᠦᠭᠡᠶ ᠮᠠᠰᠢ ᠲᠣᠮᠤ ᠨᠡᠷ᠎ᠡ ᠬᠦᠨᠳᠦ ᠶᠢᠨ ᠬᠡᠷᠡᠭ ᠪᠢᠯᠡ᠃  ᠪ ∙ᠰᠧᠷᠠᠤᠳᠤ  ᠨᠢ 2003 ᠣᠨ ᠠᠴᠠ ᠬᠤᠶᠢᠰᠢ ᠬᠥᠩᠭᠡᠨ ᠠᠲᠯᠧᠲ᠋ᠢᠺ ᠤᠨ  ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠲᠡᠰᠦᠷᠡᠯᠳᠠ ᠦᠭᠡᠢ 9 ᠤᠳᠠᠭ᠎ᠠ ᠰᠢᠯᠭᠠᠷᠠᠨ ᠣᠷᠣᠯᠴᠠᠭᠰᠠᠨ ᠪᠥᠭᠡᠳ ᠢᠷᠡᠬᠦ ᠳᠣᠯᠣᠳᠤᠭᠠᠷ ᠰᠠᠷ᠎ᠠ ᠳᠤ  ᠠᠮᠧᠷᠢᠺᠠ  ᠳᠦ ᠪᠣᠯᠬᠤ  ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠤᠷᠦᠯᠴᠡᠬᠤ ᠪᠣᠯᠵᠣᠯ ᠢᠶᠠᠨ ᠪᠡᠶᠡᠯᠡᠭᠦᠯᠵᠦ᠂ ᠮᠠᠷᠠᠹᠣᠨ ᠭᠦᠶᠦᠯᠲᠡ ᠪᠠᠷ 10 ᠤᠳᠠᠭ᠎ᠠ  ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠣᠷᠣᠯᠴᠠᠭᠰᠠᠨ ᠮᠠᠨ ᠤ ᠭᠠᠷᠠᠭ ᠤᠨ ᠠᠩᠬᠠᠨ ᠤ ᠲᠠᠮᠢᠷᠴᠢᠨ ᠪᠣᠯᠬᠤ ᠶᠤᠮ᠃

ᠰᠡᠳᠬᠢᠭᠳᠡᠯ ᠦᠯᠡᠳᠡᠭᠡᠬᠦ