ᠰᠥᠨᠢ  ᠭᠤᠳᠤᠮᠵᠢᠨ ᠳᠤ ᠨᠢᠴᠦᠭᠦᠨ ᠶᠠᠪᠤᠭᠰᠠᠨ ᠬᠦᠦ ᠶᠢᠨ ᠭᠡᠷ ᠤᠨ ᠬᠢᠨ ᠲᠠᠢ ᠠᠭᠤᠯᠵᠠᠵᠠᠢ | News.MN

ᠰᠥᠨᠢ  ᠭᠤᠳᠤᠮᠵᠢᠨ ᠳᠤ ᠨᠢᠴᠦᠭᠦᠨ ᠶᠠᠪᠤᠭᠰᠠᠨ ᠬᠦᠦ ᠶᠢᠨ ᠭᠡᠷ ᠤᠨ ᠬᠢᠨ ᠲᠠᠢ ᠠᠭᠤᠯᠵᠠᠵᠠᠢ

ᠨᠡᠶᠢᠰᠯᠡᠯ ᠤᠨ ᠰᠤᠩᠭᠢᠨᠠᠬᠠᠢᠷᠬᠠᠨ  ᠳᠡᠭᠦᠷᠭᠡ ᠶᠢᠨ 29  ᠳ᠋ᠦ᠋ᠭᠡᠷ ᠬᠤᠷᠢᠶ᠎ᠠ᠂  ᠳ᠋ᠠᠷᠭᠤᠨ ᠲᠥᠪ ᠤᠨ ᠣᠷᠴᠢᠮ ᠡᠨᠡ ᠰᠠᠷ᠎ᠠ ᠶᠢᠨ 25 ᠤ ᠰᠥᠨᠢ ᠶᠢᠨ 03:00 ᠴᠠᠭ ᠤᠨ ᠦᠶ᠎ᠡ ᠳᠤ 12-13 ᠣᠷᠴᠢᠮ ᠨᠠᠰᠤᠨ ᠤ ᠨᠢᠴᠦᠭᠦᠨ ᠬᠡᠦᠬᠡᠳ ᠠᠶᠤᠵᠤ᠂ ᠲᠦᠭᠰᠢᠭᠰᠡᠨ ᠪᠠᠶᠢᠳᠠᠯ ᠲᠠᠢ ᠲᠥᠪ ᠵᠠᠮ ᠢᠶᠠᠷ ᠠᠯᠬᠤᠵᠤ ᠶᠠᠪᠤᠭᠰᠠᠨ᠃ ᠲᠡᠭᠦᠨ ᠢ ᠬᠦᠴᠦᠷᠬᠡᠭᠯᠡᠯ ᠳᠤ ᠥᠷᠲᠥᠭᠰᠡᠨ ᠪᠠᠶᠢᠵᠤ ᠪᠣᠯᠵᠤᠰᠢ ᠦᠭᠡᠶ ᠭᠡᠬᠦ ᠮᠡᠳᠡᠭᠡᠯᠡᠯ ᠴᠠᠬᠢᠮ ᠳᠤ ᠰᠠᠴᠤᠭᠳᠠᠭᠰᠠᠨ᠃
ᠮᠡᠳᠡᠭᠡᠯᠡᠯ ᠤᠨ ᠮᠥᠷ ᠢᠶᠠᠷ ᠴᠠᠭᠳᠠᠭ᠎ᠠ ᠶᠢᠨ ᠪᠠᠶᠢᠭᠤᠯᠤᠯᠭ᠎ᠠ  ᠬᠦᠦ ᠶᠢ ᠣᠯᠵᠤ᠂ ᠠᠷᠤ ᠭᠡᠷ ᠤᠨ ᠬᠢᠨ ᠲᠠᠢ ᠨᠢ ᠬᠡᠦᠬᠡᠳ ᠤᠨ ᠠᠰᠠᠭᠤᠳᠠᠯ ᠬᠠᠷᠢᠭᠤᠴᠠᠭᠰᠠᠨᠮᠡᠷᠭᠡᠵᠢᠯᠲᠡᠳ ᠲᠠᠢ ᠠᠭᠤᠯᠵᠠᠵᠠᠢ᠃  ᠬᠦᠦ 14 ᠨᠠᠰᠤᠲᠠᠢ ᠪᠥᠭᠡᠳ ᠰᠡᠳᠬᠢᠴᠡ ᠶᠢᠨ ᠡᠮᠭᠡᠭ ᠲᠠᠢ᠂ ᠦᠶ᠎ᠡ ᠦᠶ᠎ᠡ ᠡᠶᠢᠨ ᠬᠦ ᠭᠡᠷ ᠠᠴᠠ ᠪᠠᠨ ᠭᠠᠷᠤᠭᠠᠳ ᠶᠠᠪᠤᠴᠢᠬᠠᠳᠠᠭ ᠬᠡᠮᠡᠨ ᠮᠡᠳᠡᠭᠦᠯᠵᠡᠢ᠃

ᠰᠡᠳᠬᠢᠭᠳᠡᠯ ᠦᠯᠡᠳᠡᠭᠡᠬᠦ