ᠮᠠᠨ ᠤ ᠤᠯᠤᠰ ᠤᠨ 16 ᠨᠡᠷ᠎ᠡ ᠲᠥᠷᠥᠯ ᠤᠨ ᠬᠦᠨᠡᠰᠦᠨ ᠤ ᠲᠦᠭᠦᠬᠡᠢ ᠡᠳ᠋᠂ ᠪᠦᠲᠦᠭᠡᠭᠳᠡᠬᠦᠨ ᠠᠴᠠ ᠮᠠᠯ ᠤᠨ ᠮᠢᠬ᠎ᠠ᠂ ᠤᠯᠠᠭᠠᠨ ᠪᠤᠭᠤᠳᠠᠢ᠂ ᠭᠤᠯᠢᠷ᠂ ᠲᠥᠮᠥᠰᠥ ᠶᠢ ᠳᠣᠲᠤᠭᠠᠳᠤ ᠠᠴᠠ ᠪᠠᠨ 100 ᠬᠤᠪᠢ ᠬᠠᠩᠭᠠᠵᠤ ᠪᠠᠶᠢᠨ᠎ᠡ᠃ ᠬᠠᠷᠢᠨ ᠰᠦᠨ ᠪᠦᠲᠦᠭᠡᠭᠳᠡᠬᠦᠨ ᠦ 27᠂ ᠭᠤᠯᠢᠷ ᠤᠨ ᠪᠦᠲᠦᠭᠡᠭᠳᠡᠬᠦᠨ ᠤ 38᠂ ᠬᠦᠨᠡᠰᠦᠨ ᠦ ᠨᠤᠭᠤᠭᠠᠨ ᠤ 38᠂ ᠦᠨᠳᠡᠭᠡᠨ ᠦ 48᠂ ᠴᠦᠴᠦᠭᠡᠢ ᠶᠢᠨ ᠲᠤᠰᠤᠨ ᠤ 67᠂ ᠲᠠᠬᠢᠶᠠᠨ ᠤ ᠮᠢᠬᠠᠨ ᠤ 98᠂ ᠤᠷᠭᠤᠮᠠᠯ ᠤᠨ ᠲᠤᠰᠤᠨ ᠤ 98 ᠬᠤᠪᠢ ᠨᠢ ᠭᠠᠳᠠᠭᠠᠳᠤ ᠠᠴᠠ ᠬᠠᠮᠢᠶᠠᠷᠤᠯ ᠲᠠᠢ᠃
ᠪᠠᠶᠢᠭᠠᠯᠢ᠂ ᠴᠠᠬ ᠠᠭᠤᠷ ᠤᠨ ᠣᠨᠴᠠᠯᠢᠭ ᠠᠴᠠ ᠰᠢᠯᠲᠠᠭᠠᠯᠠᠨ ᠲᠠᠷᠢᠶᠠᠯᠠᠬᠤ ᠪᠣᠯᠣᠮᠵᠢ ᠬᠢᠵᠠᠭᠠᠷᠯᠠᠭᠳᠠᠮᠠᠯ ᠪᠤᠷᠴᠠᠭᠲᠤ ᠤᠷᠭᠤᠮᠠᠯ᠂ ᠪᠦᠬᠦ ᠲᠥᠷᠥᠯ ᠤᠨ ᠪᠤᠳᠠᠭ᠎ᠠ᠂ ᠡᠯᠡᠰᠦᠨ ᠰᠢᠬᠢᠷ᠂ ᠵᠢᠭᠠᠰᠤ᠂ ᠵᠢᠭᠠᠰᠤᠨ ᠪᠦᠲᠦᠭᠡᠭᠳᠡᠬᠦᠨ 100 ᠬᠤᠪᠢ᠂ ᠬᠦᠨᠡᠰᠦᠨ ᠤ ᠰᠠᠪᠠ ᠪᠠᠭᠯᠠᠭ᠎ᠠ ᠪᠣᠭᠤᠳᠠᠯ ᠤᠨ ᠦᠨᠳᠦᠰᠦᠨ ᠲᠦᠭᠦᠬᠡᠢ ᠡᠳ᠋ ᠤᠨ 95 ᠬᠤᠪᠢ ᠶᠢ ᠭᠠᠳᠠᠭᠠᠳᠤ ᠠᠴᠠ ᠤᠷᠤᠭᠤᠯᠳᠠᠭ᠃
ᠮᠠᠨ ᠤ ᠤᠯᠤᠰ 2021 ᠣᠨ ᠳᠤ 962 ᠰᠠᠶ᠎ᠠ ᠳ᠋ᠣᠯᠯᠠᠷ ᠪᠤᠶᠤ 2.7 ᠶᠡᠭᠡ ᠨᠠᠶᠤᠳ ᠲᠥᠭᠦᠷᠢᠭ ᠤᠨ ᠬᠦᠨᠡᠰᠦ ᠶᠢ ᠭᠠᠳᠠᠭᠠᠳᠤ ᠠᠴᠠ ᠤᠷᠤᠭᠤᠯᠤᠭᠰᠠᠨ ᠪᠠ ᠵᠢᠯ ᠳᠤ ᠳᠤᠮᠳᠠᠴᠢ ᠪᠠᠷ 2.5 ᠶᠡᠭᠡ ᠨᠠᠶᠤᠳ ᠲᠥᠭᠦᠷᠢᠭ ᠤᠨ ᠢᠮᠫᠣᠷᠲ ᠬᠢᠵᠦ ᠪᠠᠶᠢᠭ᠎ᠠ ᠶᠤᠮ᠃