ᠮᠣᠩᠭᠣᠯ ᠤᠨ ᠠᠩᠬᠠᠨ ᠤ ᠮᠥᠰᠦᠨ ᠼᠢᠷᠺ ᠤᠨ ᠲᠣᠭᠯᠠᠯᠲᠠ ᠪᠣᠯᠤᠨ᠎ᠠ | News.MN

ᠮᠣᠩᠭᠣᠯ ᠤᠨ ᠠᠩᠬᠠᠨ ᠤ ᠮᠥᠰᠦᠨ ᠼᠢᠷᠺ ᠤᠨ ᠲᠣᠭᠯᠠᠯᠲᠠ ᠪᠣᠯᠤᠨ᠎ᠠ

︽ᠮᠣᠩᠭᠣᠯ ᠤᠨ ᠼᠢᠷᠺᠴᠢᠳ ᠦᠨ ᠨᠢᠭᠡᠳᠦᠭᠰᠡᠨ ᠬᠤᠯᠪᠣᠭ᠎ᠠ︾ᠲᠥᠷᠦ ᠶᠢᠨ ᠪᠤᠰᠤ ᠪᠠᠶᠢᠭᠤᠯᠤᠯᠭ᠎ᠠ ᠠᠴᠠ ᠮᠡᠳᠡᠭᠡᠯᠡᠯ ᠬᠢᠯ᠎ᠡ᠃  ᠲᠡᠳᠡᠨ ᠦ ᠲᠥᠯᠦᠭᠡᠯᠡᠯ ᠤᠨ ᠶᠠᠷᠢᠬᠤ ᠪᠠᠷ᠄ ᠮᠣᠩᠭᠣᠯ ᠤᠨ ᠤᠷᠠᠨ ᠨᠤᠭᠤᠷᠠᠭᠴᠢᠳ ᠳᠡᠯᠡᠬᠡᠢ ᠶᠢᠨ 150 ᠭᠠᠷᠦᠢ ᠣᠷᠣᠨ ᠤ ᠳᠤᠮᠳᠠ ᠴᠢᠳᠡᠪᠦᠷᠢ ᠴᠢᠨᠰᠠᠭ᠎ᠠ ᠪᠠᠷ ᠢᠶᠠᠨ ᠭᠤᠷᠪᠠᠳᠤᠭᠠᠷ ᠪᠠᠶᠢᠷᠢ ᠳᠤ ᠪᠢᠴᠢᠭᠳᠡᠳᠡᠭ᠃ ᠭᠡᠪᠡᠴᠦ ᠼᠢᠷᠺᠴᠢᠳ᠂ ᠤᠷᠠᠨ ᠨᠤᠭᠤᠷᠠᠭᠴᠢᠳ ᠪᠡᠯᠡᠦᠡᠭᠡᠯ ᠰᠤᠷᠭᠠᠭᠤᠯᠢᠯᠲᠠ ᠬᠢᠬᠦ᠂  ᠤᠷᠠᠨ ᠪᠦᠲᠦᠭᠡᠯ ᠢᠶᠠᠨ ᠲᠤᠭᠤᠷᠪᠢᠬᠤ ᠪᠣᠯᠣᠮᠵᠢ ᠨᠥᠬᠦᠴᠡᠯ ᠪᠠᠶᠢᠳᠠᠭ ᠦᠭᠡᠢ᠃

ᠬᠠᠷᠢᠨ ︽ᠮᠥᠰᠦᠨ ᠥᠷᠭᠦᠭᠡ︾ ᠲᠠᠢ ᠪᠣᠯᠣᠭᠰᠠᠨ ᠨᠢ ᠭᠠᠳᠠᠨ᠎ᠠ ᠶᠢᠨ ᠣᠷᠣᠨ ᠨᠤᠭᠤᠳ ᠲᠤ ᠮᠠᠰᠢ ᠴᠥᠭᠡᠬᠡᠨ ᠲᠣᠭᠯᠠᠭᠳᠠᠳᠠᠭ ᠮᠥᠰᠦᠨ ᠼᠢᠷᠺ ᠤᠨ ᠦᠵᠡᠭᠦᠯᠪᠦᠷᠢ ᠶᠢ ᠢᠷᠭᠡᠳ ᠲᠤ ᠦᠵᠡᠭᠦᠯᠬᠦ ᠪᠣᠯᠣᠮᠵᠢ ᠪᠦᠷᠢᠳᠦᠭᠰᠡᠨ ᠃ ᠶᠡᠷᠦ ᠨᠢ ᠼᠢᠷᠺ ᠤᠨ ᠦᠵᠡᠭᠦᠯᠪᠦᠷᠢ  ᠵᠠᠷᠤᠳᠠᠯ ᠦᠡᠳᠦᠷ ᠴᠤ ᠪᠢᠳᠡ  ᠠᠷᠡᠦᠠ ᠢᠷᠭᠡᠳ ᠲᠡᠭᠡᠨ ᠮᠥᠰᠦᠨ ᠼᠢᠷᠺ ᠤᠨ ᠲᠣᠭᠯᠠᠯᠲᠠ ᠶᠢ ᠣᠯᠠᠨ ᠤᠯᠤᠰ ᠤᠨ ᠬᠡᠦᠬᠡᠳ ᠤᠨ ᠡᠷᠬᠡ ᠶᠢ ᠬᠠᠮᠡᠭᠠᠯᠡᠬᠤ ᠡᠳᠦᠷ ᠲᠤᠯᠢᠯᠠᠭᠤᠯᠤᠨ᠎ᠠ᠃ ᠲᠣᠭᠯᠠᠯᠲᠠ ᠠᠴᠠ ᠮᠠᠨ ᠤ ᠤᠯᠤᠰ ᠤᠨ ᠤᠷᠠᠨ ᠪᠦᠲᠦᠭᠡᠯᠴᠢᠳ ᠤᠨ ᠤᠷ᠎ᠠ ᠴᠢᠳᠠᠪᠤᠷᠢ᠂ ᠲᠧᠭᠨᠢᠭ ᠲᠧᠭᠨᠣᠯᠣᠭᠢ᠂ ᠨᠡᠶᠢᠷᠡᠭᠤᠯᠭ᠎ᠠ ᠶᠡᠮᠡᠷ ᠲᠦᠪᠰᠢᠨ ᠳᠤ ᠪᠠᠶᠢᠭ᠎ᠠ ᠶᠢ  ᠬᠠᠷᠠᠬᠤ ᠪᠣᠯᠣᠮᠵᠢ ᠲᠠᠢ ᠭᠡᠯ᠎ᠡ᠃

ᠰᠡᠳᠬᠢᠭᠳᠡᠯ ᠦᠯᠡᠳᠡᠭᠡᠬᠦ