ᠶᠠᠪᠤᠭᠤᠬᠤᠯᠠᠩ ᠤᠨ ᠴᠡᠴᠡᠷᠯᠢᠭ ᠲᠦ︽ ᠬᠦᠷᠢᠶ᠎ᠡ ᠦᠳᠡᠰᠢ︾ ᠲᠠᠢ | News.MN

ᠶᠠᠪᠤᠭᠤᠬᠤᠯᠠᠩ ᠤᠨ ᠴᠡᠴᠡᠷᠯᠢᠭ ᠲᠦ︽ ᠬᠦᠷᠢᠶ᠎ᠡ ᠦᠳᠡᠰᠢ︾ ᠲᠠᠢ

ᠤᠷᠠᠨ ᠪᠦᠲᠦᠭᠡᠯ ᠤᠨ︽ᠴᠡᠭᠴᠡ ᠠᠷᠪᠠᠲᠤ︾ᠨᠢᠭᠡᠳᠦᠯ ᠠᠴᠠ ᠰᠠᠨᠠᠭᠠᠴᠢᠯᠠᠨ ᠢᠷᠠᠭᠤ ᠨᠠᠶᠢᠷᠠᠭ ᠤᠨ ᠤᠩᠰᠢᠯᠭ᠎ᠠ᠂ ᠬᠤᠲᠠ ᠶᠢᠨ  ᠳᠠᠭᠤᠤ᠂  ᠬᠥᠭᠵᠢᠮ ᠵᠡᠷᠭᠡ ᠤᠷᠠᠯᠢᠭ᠂ ᠰᠣᠶᠤᠯ ᠤᠨ ᠴᠢᠯᠦᠭᠡᠳᠦ ᠦᠵᠡᠭᠦᠯᠪᠦᠷᠢ  ᠪᠦᠬᠦᠢ ᠶᠡᠭᠡ ᠬᠤᠲᠠ ᠶᠢᠨ ᠦᠳᠡᠰᠢ ᠶᠢᠨ ᠴᠢᠯᠦᠭᠡᠳᠦ ᠬᠥᠲᠥᠯᠪᠦᠷᠢ ᠶᠢ ᠲᠠᠪᠤᠳᠤᠭᠠᠷ ᠰᠠᠷ᠎ᠠ ᠶᠢᠨ 27-29 ᠤ ᠡᠳᠦᠷ ᠤᠳ ᠲᠤ ᠶᠠᠪᠤᠭᠤᠬᠤᠯᠠᠩ ᠤᠨ ᠨᠡᠷᠡᠮᠵᠢᠲᠦ ᠴᠡᠴᠡᠷᠯᠢᠭᠲᠦ ᠬᠦᠷᠢᠶᠡᠯᠡᠩ ᠳᠤ ᠵᠣᠬᠢᠶᠠᠨ ᠪᠠᠶᠢᠭᠤᠯᠬᠤ ᠭᠡᠵᠦ ᠪᠠᠶᠢᠨ᠎ᠡ᠃ ︽ ᠬᠦᠷᠢᠶ᠎ᠡ ᠦᠳᠡᠰᠢ -City night︾ ᠬᠡᠮᠡᠨ ᠨᠡᠷᠡᠯᠡᠭᠰᠡᠨ  ᠡᠨᠡ ᠬᠦ ᠭᠤᠷᠪᠠᠨ ᠦᠳᠡᠰᠢ ᠶᠢᠨ ᠴᠢᠯᠦᠭᠡᠳᠦ ᠬᠦᠲᠦᠯᠪᠦᠷᠢ ᠳᠦ ᠦᠶ᠎ᠡ ᠦᠶ᠎ᠡ ᠶᠢᠨ ᠢᠷᠠᠭᠤ ᠨᠠᠶᠢᠷᠠᠭᠴᠢᠳ ᠬᠦᠷᠦᠯᠴᠡᠨ ᠢᠷᠠᠵᠤ ᠰᠢᠯᠦᠭ ᠢᠶᠠᠨ ᠤᠩᠰᠢᠬᠤ ᠠᠴᠠ ᠭᠠᠳᠡᠨ᠎ᠡ ᠤᠯᠤᠰ ᠤᠨ ᠹᠢᠯᠠᠷᠮᠣᠨᠢ ᠶᠢᠨ  ᠺᠸᠠᠷᠲ᠋ᠧᠲ ᠬᠠᠮᠲᠤᠯᠢᠭ᠂ ᠬᠢᠭᠢᠯᠢ᠂ ᠰᠠᠺᠰᠠᠹᠣᠨ ᠪᠤᠯᠦᠠ ᠭᠢᠲ᠋ᠠᠷ ᠤᠨ ᠭᠤᠴᠤᠯᠠᠯ ᠬᠦᠭ ᠨᠡᠮᠡᠵᠦ᠂ ᠳᠠᠭᠤᠴᠢᠨ ᠪ ∙ ᠬᠤᠩᠭᠤᠷ᠂ ᠨ᠊ · ᠲᠠᠮᠢᠷ ᠨᠠᠷ ᠠᠶ᠎ᠠ ᠳᠠᠭᠤᠤ ᠪᠠᠨ ᠡᠷᠬᠦᠬᠦ ᠶᠤᠮ᠃
ᠮᠦᠠ ᠮᠣᠩᠭᠤᠯ ᠤᠷᠠᠨ ᠪᠢᠴᠢᠯᠭᠡ ᠪᠠᠷ  ᠬᠦᠰᠡᠭᠰᠡᠨ ᠦᠭᠡ ᠪᠠᠨ ᠪᠢᠴᠢᠭᠦᠯᠵᠦ ᠠᠪᠬᠤ᠂ ᠲᠠᠲᠠᠯᠠᠪᠤᠷᠢ ᠬᠥᠷᠥᠭ ᠢᠶᠠᠨ ᠵᠢᠷᠤᠭᠤᠯᠬᠤ᠂ ᠰᠢᠲᠦᠨ ᠪᠢᠰᠢᠷᠡᠳᠡᠭ᠂ ᠬᠠᠶᠢᠷᠠᠯᠠᠨ ᠬᠦᠨᠳᠦᠯᠡᠳᠡᠭ ᠨᠠᠶᠢᠷᠠᠭᠴᠢᠳ ᠲᠠᠢ ᠪᠠᠨ ᠬᠡᠷᠡᠯ ᠵᠢᠷᠤᠭ ᠠᠪᠬᠠᠭᠤᠯᠬᠤ ᠪᠣᠯᠣᠮᠵᠢ ᠲᠠᠢ ᠠᠴᠠ ᠭᠠᠳᠡᠨ᠎ᠡ ᠨᠣᠮ᠂ ᠫᠢᠶᠠᠨᠰᠠ ᠰᠣᠨᠢᠷᠬᠠᠭᠴᠢᠳ ᠦᠵᠡᠰᠬᠦᠯᠡᠩ ᠬᠤᠳᠠᠯᠳᠤᠭ᠎ᠠ᠂ ᠰᠣᠯᠢᠯᠴᠠᠭ᠎ᠠ ᠵᠣᠬᠢᠶᠠᠨ ᠪᠠᠶᠢᠭᠤᠯᠬᠤ  ᠠᠵᠠᠢ᠃

ᠰᠡᠳᠬᠢᠭᠳᠡᠯ ᠦᠯᠡᠳᠡᠭᠡᠬᠦ