100 ᠭᠠᠷᠦᠢ ᠴᠠ ᠴᠠᠰᠤᠨ ᠤ ᠨᠤᠷᠠᠩᠭᠢ ᠳᠤ ᠳᠠᠷᠤᠭᠳᠠᠵᠤ ᠬᠤᠷᠣᠭᠳᠠᠵᠠᠢ | News.MN

100 ᠭᠠᠷᠦᠢ ᠴᠠ ᠴᠠᠰᠤᠨ ᠤ ᠨᠤᠷᠠᠩᠭᠢ ᠳᠤ ᠳᠠᠷᠤᠭᠳᠠᠵᠤ ᠬᠤᠷᠣᠭᠳᠠᠵᠠᠢ

ᠬᠥᠪᠰᠥᠬᠦᠯ ᠠᠶᠢᠮᠠᠭ ᠤᠨ ᠴᠠᠭᠠᠨᠨᠠᠭᠤᠷ ᠰᠤᠮᠤ ᠶᠢᠨ ᠬᠠᠷᠮᠠᠢ  ᠪᠠᠭ ᠲᠤ 90 ᠭᠠᠷᠦᠢ ᠡᠷᠦᠬᠡ ᠴᠠ ᠮᠠᠯᠯᠠᠨ ᠠᠮᠢᠳᠤᠷᠠᠳᠠᠭ᠃ ᠡᠪᠦᠯ ᠤᠨ ᠤᠯᠠᠷᠢᠯ ᠳᠤ ᠴᠠ ᠠᠰᠬ᠎ᠠ ᠬᠠᠳᠠ ᠪᠡᠷᠳᠠᠭ᠎ᠠ ᠶᠡᠬᠡᠲᠡᠢ ᠲᠠᠶᠢᠭ᠎ᠠ ᠳᠤ  ᠪᠡᠯᠴᠢᠭᠡᠷᠯᠡᠳᠡᠭ᠃ ᠡᠨᠡ ᠬᠠᠪᠦᠷ ᠲᠠᠶᠢᠭ᠎ᠠ ᠠᠴᠠ ᠪᠤᠶᠤ ᠡᠪᠦᠯᠵᠢᠶᠡᠨ ᠠᠴᠠ ᠬᠠᠪᠤᠷᠵᠢᠶᠠᠨ ᠳᠤ ᠢᠷᠡᠬᠦ ᠵᠠᠮ ᠳᠤ 100 ᠭᠠᠷᠦᠢ ᠴᠠ ᠴᠠᠰᠤᠨ ᠤ ᠨᠤᠷᠠᠩᠭᠢ ᠳᠤ ᠳᠠᠷᠤᠭᠳᠠᠵᠤ ᠬᠤᠷᠣᠭᠳᠠᠭᠰᠠᠨ ᠪᠠᠶᠢᠨ᠎ᠡ᠃

ᠥᠨᠥᠳᠥᠷ ᠤᠨ ᠪᠠᠶᠢᠳᠠᠯ ᠢᠶᠠᠷ 300 ᠣᠷᠴᠢᠮ ᠴᠠ ᠲᠥᠯᠯᠡᠭᠰᠡᠨ ᠪᠥᠭᠡᠳ ᠵᠢᠯ ᠳᠤ 500-600 ᠴᠠ ᠲᠥᠯᠯᠡᠳᠡᠭ  ᠠᠵᠢ᠃ ᠬᠥᠪᠰᠥᠬᠦᠯ ᠠᠶᠢᠮᠠᠭ ᠤᠨ 6 ᠳᠠᠬᠢ ᠬᠤᠰᠢᠭᠤ ᠮᠠᠯ ᠪᠣᠯᠣᠭᠰᠠᠨ ᠴᠠ ᠶᠢᠨ ᠰᠦᠷᠦᠭ ᠤᠨ ᠲᠤᠭ᠎ᠠ ᠲᠣᠯᠤᠭᠠᠢ ᠦᠡᠭᠭᠡᠷᠡᠭᠰᠡᠠ ᠵᠢᠯ ᠪᠠᠭᠤᠷᠠᠭᠰᠠᠨ ᠪᠠᠶᠢᠨ᠎ᠡ᠃ 2020 ᠣᠨ ᠳᠤ 3127 ᠴᠠ ᠲᠣᠭᠠᠯᠠᠭᠤᠯᠵᠤ ᠪᠠᠶᠢᠭᠰᠠᠨ ᠪᠣᠯ 2021 ᠣᠨ ᠤ ᠵᠢᠯ ᠤᠨ ᠡᠴᠦᠰ ᠤᠨ ᠲᠣᠭᠠᠯᠠᠯᠭ᠎ᠠ ᠪᠠᠷ 2441 ᠴᠠ ᠲᠣᠭᠠᠯᠠᠭᠤᠯᠵᠤ 28.9 ᠬᠤᠪᠢ ᠪᠤᠶᠤ 686 ᠲᠣᠯᠤᠭᠠᠢ ᠪᠠᠷ ᠪᠠᠭᠤᠷᠠᠭᠰᠠᠨ ᠪᠠᠶᠢᠨ᠎ᠡ᠃

ᠰᠡᠳᠬᠢᠭᠳᠡᠯ ᠦᠯᠡᠳᠡᠭᠡᠬᠦ