ᠹᠷᠠᠨᠼᠢ ᠳᠤ ᠮᠣᠩᠭᠤᠯ ᠠᠶᠠᠯᠠᠭᠴᠢᠳ ᠪᠡᠯᠡᠨ ᠮᠦᠡᠭᠬᠦ᠂ ᠪᠢᠴᠢᠭ ᠪᠠᠷᠢᠮᠲᠠ ᠪᠠᠨ ᠠᠯᠳᠠᠵᠠᠢ | News.MN

ᠹᠷᠠᠨᠼᠢ ᠳᠤ ᠮᠣᠩᠭᠤᠯ ᠠᠶᠠᠯᠠᠭᠴᠢᠳ ᠪᠡᠯᠡᠨ ᠮᠦᠡᠭᠬᠦ᠂ ᠪᠢᠴᠢᠭ ᠪᠠᠷᠢᠮᠲᠠ ᠪᠠᠨ ᠠᠯᠳᠠᠵᠠᠢ

ᠮᠣᠩᠭᠤᠯ ᠤᠯᠤᠰ ᠠᠴᠠ ᠹᠷᠠᠨᠼᠢ  ᠤᠯᠤᠰ ᠤᠷᠤᠭᠤ  ᠲᠦᠷ ᠬᠤᠭᠤᠴᠠᠭ᠎ᠠ ᠪᠠᠷ ᠣᠴᠢᠬᠤ ᠢᠷᠭᠡᠳ ᠤᠨ ᠲᠤᠭ᠎ᠠ ᠡᠷᠡᠰ ᠨᠡᠮᠡᠭᠳᠡᠭᠰᠡᠨ ᠲᠠᠢ ᠬᠤᠯᠪᠣᠭᠠᠲᠠᠢ ᠪᠠᠷ ᠫᠠᠷᠢᠰ ᠪᠤᠯᠦᠠ ᠪᠤᠰᠤᠳ ᠲᠣᠮᠤᠬᠠᠨ ᠬᠤᠲᠠᠨᠤᠭᠤᠳ ᠲᠤ ᠢᠷᠭᠡᠳ ᠴᠦᠩᠬᠦ᠂ ᠪᠢᠴᠢᠭ ᠪᠠᠷᠢᠮᠲᠠ᠂ ᠪᠤᠰᠤᠳ ᠦᠨ᠎ᠡ  ᠪᠦᠬᠦᠢ ᠡᠳ᠋ ᠵᠦᠢᠯ ᠢᠶᠠᠨ ᠬᠤᠯᠠᠭᠠᠢ ᠳᠤ ᠠᠯᠳᠡᠬᠤ᠂ ᠬᠤᠬᠢᠷᠠᠭᠴᠢ ᠪᠣᠯᠬᠤ ᠲᠣᠬᠢᠶᠠᠯᠳᠤᠯ ᠡᠷᠡᠰ ᠶᠡᠬᠡᠰᠦᠭᠰᠡᠨ ᠪᠠᠶᠢᠨ᠎ᠡ᠃
ᠰᠡᠭᠦᠯ ᠤᠨ ᠰᠠᠷ᠎ᠠ ᠶᠢᠨ ᠪᠠᠶᠢᠳᠠᠯ ᠢᠶᠠᠷ 1000-10000  ᠡᠸᠦ᠋ᠷᠤ᠋ ᠲᠠᠢ ᠲᠡᠩᠴᠡᠬᠦ ᠬᠡᠮᠵᠢᠶᠡᠨ ᠤ ᠪᠡᠯᠡᠨ ᠮᠦᠡᠭᠬᠦ ᠴᠦᠩᠬᠦ ᠲᠠᠢ ᠠᠯᠳᠠᠭᠰᠠᠨ᠂ ᠪᠢᠴᠢᠭ ᠪᠠᠷᠢᠮᠲᠠ ᠪᠠᠨ ᠠᠯᠳᠠᠭᠰᠠᠨ ᠤ ᠤᠯᠠᠮ ᠠᠴᠠ ᠠᠶᠠᠯᠠᠯ ᠢᠶᠠᠨ ᠴᠤᠴᠠᠯᠠᠭᠰᠠᠨ ᠵᠡᠷᠭᠡ ᠢᠷᠭᠡᠳ ᠣᠯᠠᠨ ᠢᠶᠠᠷ ᠫᠠᠷᠢᠰ ᠬᠤᠳᠠ ᠳᠠᠬᠢ ᠡᠯᠴᠢᠨ ᠰᠠᠢᠳ ᠤᠨ ᠶᠠᠮᠤᠨ ᠳᠤ ᠬᠠᠨᠳᠤᠬᠤ ᠪᠣᠯᠵᠠᠢ᠃ ᠡᠶᠢᠮᠦ ᠠᠴᠠ ᠣᠯᠠᠨ ᠨᠡᠶᠢᠲᠡ ᠶᠢᠨ ᠭᠠᠵᠠᠷ︵ᠡᠧᠹᠧᠷ ᠴᠠᠮᠬᠠᠭ ᠭᠡᠬᠦ ᠮᠡᠲᠦ︶ ᠢᠶᠡᠷ ᠶᠠᠪᠤᠬᠤ ᠳᠤ ᠪᠠᠨ ᠠᠩᠬᠠᠷᠤᠯ᠂ ᠰᠣᠨᠤᠷ ᠰᠡᠷᠡᠮᠵᠢ ᠪᠠᠨ ᠠᠯᠳᠠᠬᠤ ᠦᠭᠡᠢ ᠪᠠᠶᠢᠬᠤ᠂ ᠪᠡᠯᠡᠨ ᠮᠦᠡᠭᠬᠦ ᠶᠡᠭᠡ ᠬᠡᠮᠵᠢᠶ᠎ᠡ︵ ᠪᠡᠯᠡᠨ ᠮᠦᠡᠭᠬᠦ ᠣᠯᠳᠠᠬᠤ ᠮᠠᠭᠠᠳᠯᠠᠯ ᠦᠭᠡᠶ︶ ᠪᠠᠷ ᠠᠪᠴᠤ ᠶᠠᠪᠤᠬᠤ ᠦᠭᠡᠢ ᠪᠠᠶᠢᠬᠤ᠂ ᠪᠢᠴᠢᠭ ᠪᠠᠷᠢᠮᠲᠠ ᠪᠠᠨ ᠠᠯᠢ ᠪᠣᠯᠬᠤ ᠪᠡᠶ᠎ᠡ ᠳᠡᠭᠡᠨ ᠰᠠᠯᠤᠩᠭᠢ ᠠᠪᠴᠤ ᠶᠠᠪᠤᠬᠤ ᠶᠢ ᠲᠡᠳᠡ ᠵᠦᠪᠯᠡᠯ᠎ᠡ᠃

ᠰᠡᠳᠬᠢᠭᠳᠡᠯ ᠦᠯᠡᠳᠡᠭᠡᠬᠦ