ᠵ᠊ · ᠴᠢᠯᠠᠭᠤᠨᠪᠠᠲᠤ ᠯᠣᠨᠳᠣᠨ ᠤᠯᠢᠮᠫᠢᠺ ᠲᠤ ᠲᠠᠪᠤᠳᠤᠭᠠᠷ ᠪᠠᠶᠢᠷᠢ ᠡᠵᠡᠯᠡᠭᠰᠡᠨ ᠪᠠᠲᠤᠯᠠᠮᠵᠢ ᠪᠠᠨ ᠭᠠᠷᠳᠠᠯ᠎ᠠ | News.MN

ᠵ᠊ · ᠴᠢᠯᠠᠭᠤᠨᠪᠠᠲᠤ ᠯᠣᠨᠳᠣᠨ ᠤᠯᠢᠮᠫᠢᠺ ᠲᠤ ᠲᠠᠪᠤᠳᠤᠭᠠᠷ ᠪᠠᠶᠢᠷᠢ ᠡᠵᠡᠯᠡᠭᠰᠡᠨ ᠪᠠᠲᠤᠯᠠᠮᠵᠢ ᠪᠠᠨ ᠭᠠᠷᠳᠠᠯ᠎ᠠ

ᠴᠢᠯᠦᠭᠡᠲᠦ ᠪᠥᠬᠡ ᠶᠢᠨ  ᠣᠯᠠᠨ ᠤᠯᠤᠰ ᠤᠨ ᠬᠡᠮᠵᠢᠶᠡᠨ ᠤ ᠮᠠᠰᠲ᠋ᠧᠷ ᠵ᠊ · ᠴᠢᠯᠠᠭᠤᠨᠪᠠᠲᠤ︽ᠯᠣᠨᠳᠣᠨ – 2012︾ᠣᠯᠢᠮᠫᠢᠺ ᠲᠤ ᠠᠮᠵᠢᠯᠲᠠᠲᠠᠶ ᠪᠠᠷᠢᠯᠳᠤᠨ 120 ᠺᠢᠯᠣᠭ᠍ᠷᠠᠮ  ᠤᠨ ᠵᠢᠩ ᠳᠤ ᠳᠤᠯᠤᠳᠤᠭᠠᠷ ᠪᠠᠶᠢᠷᠢ ᠡᠵᠡᠯᠡᠭᠰᠡᠨ᠃ ᠭᠡᠲᠡᠯ᠎ᠡ ᠡᠨᠡ ᠵᠢᠩ ᠳᠤ ᠲᠦᠷᠦᠭᠦᠯᠡᠭᠰᠡᠨ  ᠦᠽᠪᠧᠺᠰᠲ᠋ᠠᠨ ᠤ ᠠ᠊ ·ᠲᠠᠢᠮᠠᠽᠤᠪ ᠰᠡᠷᠭᠦᠭᠡᠰᠢ ᠬᠡᠷᠡᠭᠯᠡᠭᠰᠡᠨ ᠨᠢ ᠢᠯᠡᠷᠡᠭᠰᠡᠨ ᠢᠶᠠᠷ ᠠᠯᠲᠠᠨ ᠮᠧᠲᠠᠯ ᠢᠶᠠᠨ ᠬᠤᠷᠢᠶᠠᠯᠭᠠᠵᠤ᠂ ᠠᠷᠤ ᠳᠤ ᠨᠢ ᠵᠢᠭᠰᠠᠭᠰᠠᠨ ᠪᠥᠬᠡᠴᠦᠳ ᠪᠠᠶᠢᠷᠢ ᠠᠬᠢᠭᠰᠠᠨ  ᠶᠤᠮ᠃
ᠣᠯᠠᠨ ᠤᠯᠤᠰ ᠤᠨ ᠤᠯᠢᠮᠫᠢᠺ ᠤᠨ ᠬᠤᠷᠢᠶᠠᠨ ᠠᠴᠠ ᠵ᠊ ·ᠴᠢᠯᠠᠭᠤᠨᠪᠠᠲᠤ ᠶᠢ ᠲᠤᠰ ᠣᠯᠢᠮᠫᠢᠺ ᠲᠤ ᠲᠠᠪᠤᠳᠤᠭᠠᠷ ᠪᠠᠶᠢᠷᠢ ᠳᠤ ᠰᠢᠯᠭᠠᠷᠠᠭᠰᠠᠨ ᠪᠣᠯᠬᠤ ᠶᠢ ᠢᠯᠡᠳᠬᠡᠭᠰᠡᠨ ᠪᠠᠲᠤᠯᠠᠮᠵᠢ ᠢᠷᠡᠭᠦᠯᠦᠭᠰᠡᠨ ᠢ ᠥᠨᠥᠳᠥᠷ ᠭᠠᠷᠳᠠᠭᠤᠯᠵᠤ᠂ ᠮᠦᠠ ᠲᠡᠭᠦᠨ ᠤ ᠰᠫᠣᠷᠲ᠂ ᠣᠯᠢᠮᠫᠢᠰᠮ ᠤᠨ ᠦᠶᠯᠡ ᠬᠡᠷᠡᠭ ᠲᠤ ᠣᠷᠣᠭᠤᠯᠤᠭᠰᠠᠨ ᠬᠤᠪᠢ ᠨᠡᠮᠡᠷᠢ ᠶᠢ ᠦᠨᠡᠯᠡᠨ ᠮᠤᠩᠭᠤᠯ ᠤᠨ ᠦᠨᠳᠦᠰᠦᠨ ᠦ ᠤᠯᠢᠮᠫᠢᠺ ᠤᠨ ᠬᠤᠷᠢᠶᠠᠨ ᠤ ︽ᠠᠯᠲᠠᠨ  ᠸᠴᠢᠷ︾ ᠣᠳᠣᠨ ᠢᠶᠠᠷ ᠱᠠᠩᠨᠠᠪᠠ᠃

ᠰᠡᠳᠬᠢᠭᠳᠡᠯ ᠦᠯᠡᠳᠡᠭᠡᠬᠦ