ᠤᠯᠠᠨ ᠤᠯᠤᠰ ᠤᠨ ᠴᠥᠯᠵᠢᠯᠲᠡ ᠲᠠᠢ ᠲᠡᠮᠡᠴᠡᠬᠦ 17 ᠳ᠋ᠤᠭᠠᠷ ᠪᠠᠭ᠎ᠠ ᠬᠤᠷᠠᠯ ᠮᠣᠩᠭᠤᠯ ᠳᠤ ᠪᠣᠯᠤᠨ᠎ᠠ | News.MN

ᠤᠯᠠᠨ ᠤᠯᠤᠰ ᠤᠨ ᠴᠥᠯᠵᠢᠯᠲᠡ ᠲᠠᠢ ᠲᠡᠮᠡᠴᠡᠬᠦ 17 ᠳ᠋ᠤᠭᠠᠷ ᠪᠠᠭ᠎ᠠ ᠬᠤᠷᠠᠯ ᠮᠣᠩᠭᠤᠯ ᠳᠤ ᠪᠣᠯᠤᠨ᠎ᠠ

ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠴᠥᠯᠵᠢᠯᠲᠡ ᠲᠠᠢ ᠲᠡᠮᠡᠴᠡᠬᠦ ᠺᠣᠨ᠋ᠸᠧᠨ᠋ᠼ ᠤᠨ ᠲᠠᠯ᠎ᠠ ᠨᠤᠭᠤᠳ ᠤᠨ 15 ᠳ᠋ᠤᠭᠠᠷ ᠪᠠᠭ᠎ᠠ ᠬᠤᠷᠠᠯ ᠤᠨ ᠲᠡᠭᠡᠳᠦ ᠬᠡᠮᠵᠢᠶᠡᠨ ᠤ ᠠᠭᠤᠯᠵᠠᠯᠲᠠ ᠪᠦᠬᠦᠳᠠ ᠨᠠᠶᠢᠷᠠᠮᠳᠠᠬᠤ ᠺᠤᠲ ᠳ᠋ ᠢᠸᠠᠤᠷ ᠤᠯᠤᠰ ᠤᠨ ᠠᠪᠢᠳ᠋ᠵᠠᠨ ᠬᠤᠲᠠᠨ᠎ᠠ 5 ᠳ᠋ᠤᠭᠠᠷ ᠰᠠᠷ᠎ᠠ ᠶᠢᠨ 9-11  ᠳᠤ ᠪᠣᠯᠣᠯ᠎ᠠ᠃ ᠠᠭᠤᠯᠵᠠᠯᠲᠠ ᠳᠤ ᠮᠠᠨ ᠤ ᠤᠯᠤᠰ ᠤᠨ ᠲᠥᠯᠦᠭᠡᠯᠡᠭᠴᠢᠳ  ᠤᠷᠤᠯᠴᠠᠵᠤ᠂ ᠮᠣᠩᠭᠤᠯ ᠤᠯᠤᠰ ᠤᠨ ᠣᠢ ᠶᠢᠨ ᠬᠤᠮᠰᠠᠳᠠᠯ᠂ ᠳᠤᠷᠤᠢᠲᠠᠯ ᠢ ᠪᠠᠭᠤᠷᠠᠭᠤᠯᠬᠤ᠂ ᠴᠥᠯᠵᠢᠯᠲᠡ᠂ ᠭᠠᠵᠠᠷ ᠤᠨ ᠳᠤᠷᠤᠢᠲᠠᠯ ᠢ ᠪᠠᠭᠤᠷᠠᠭᠤᠯᠬᠤ᠂ ᠠᠭᠤᠷ ᠠᠮᠢᠰᠬᠤᠯ ᠤᠨ ᠥᠭᠡᠷᠡᠴᠢᠯᠡᠯᠲᠡ ᠶᠢ ᠰᠠᠭᠠᠷᠠᠭᠤᠯᠬᠤ ᠠᠮᠠᠯᠠᠯᠲᠠ ᠨᠤᠭᠤᠳ ᠶᠢᠨ ᠬᠡᠷᠡᠭᠵᠢᠯᠲᠡ ᠶᠢ ᠲᠠᠨᠢᠯᠴᠠᠭᠤᠯᠵᠠᠢ᠃

ᠪᠠᠭ᠎ᠠ ᠬᠤᠷᠠᠯ ᠤᠨ ᠨᠢᠭᠡᠳᠦᠭᠰᠡᠨ ᠬᠤᠷᠠᠯᠳᠤᠭᠠᠨ ᠢᠶᠠᠷ ᠺᠣᠨ᠋ᠸᠧᠨ᠋ᠼ  ᠲᠤ ᠨᠢᠭᠡᠳᠦᠭᠰᠡᠨ ᠤᠯᠤᠰ ᠤᠳ ᠤᠨ ᠵᠠᠰᠠᠭ ᠤᠨ ᠭᠠᠵᠠᠷ ᠤᠳ ᠮᠣᠩᠭᠤᠯ ᠤᠯᠤᠰ ᠤᠨ ᠭᠠᠷᠭᠠᠵᠤ ᠪᠤᠶ ᠮᠠᠩᠯᠠᠶᠢᠯᠠᠯ᠂ ᠢᠳᠡᠪᠬᠢ ᠴᠢᠷᠮᠠᠶᠢᠯᠲᠠ ᠶᠢ ᠪᠠᠲᠤᠳᠬᠠᠨ᠂ ᠲᠣᠭᠲᠠᠪᠤᠷᠢᠲᠠᠶ ᠬᠥᠭᠵᠢᠯ ᠤᠨ ᠦᠨᠳᠦᠰᠦᠨ ᠲᠤᠯᠭᠠᠭᠤᠷᠢ ᠪᠣᠯᠬᠤ ᠪᠠᠶᠢᠭᠠᠯᠢ ᠣᠷᠴᠢᠨ ᠤ ᠠᠰᠠᠭᠤᠳᠠᠯ ᠤᠳ ᠢᠶᠠᠷ ᠠᠵᠢᠯᠯᠠᠵᠤ ᠢᠷᠡᠭᠰᠡᠨ ᠨᠡᠷ᠎ᠡ ᠬᠦᠨᠳᠦ ᠶᠢ ᠣᠨᠴᠠᠭᠠᠶᠢᠯᠠᠨ ᠬᠦᠨᠳᠦᠳᠬᠡᠵᠦ᠂ ᠺᠣᠨ᠋ᠸᠧᠨ᠋ᠼ  ᠤᠨ ᠲᠠᠯ᠎ᠠ ᠨᠤᠭᠤᠳ ᠤᠨ 17 ᠳ᠋ᠤᠭᠠᠷ ᠪᠠᠭ᠎ᠠ ᠬᠤᠷᠠᠯ︵COP 17︶ ᠢ 2026 ᠣᠨ ᠳᠤ ᠮᠣᠩᠭᠤᠯ  ᠤᠯᠤᠰ ᠵᠣᠬᠢᠶᠠᠨ ᠪᠠᠶᠢᠭᠤᠯᠬᠤ ᠶᠢ ᠳᠡᠮᠵᠢᠨ ᠪᠠᠲᠤᠯᠠᠭᠰᠠᠨ ᠪᠠᠶᠢᠨ᠎ᠡ᠃

ᠰᠡᠳᠬᠢᠭᠳᠡᠯ ᠦᠯᠡᠳᠡᠭᠡᠬᠦ