ᠬᠥᠳᠡᠭᠡ ᠠᠵᠤ ᠠᠬᠤᠢ ᠶᠢᠨ ᠡᠭᠡᠯᠵᠢᠲᠦ ᠲᠣᠭᠠᠯᠠᠯᠭ᠎ᠠ ᠣᠷᠣᠨ ᠳᠠᠶᠠᠭᠠᠷ ᠡᠬᠢᠯᠡᠯ᠎ᠡ | News.MN

ᠬᠥᠳᠡᠭᠡ ᠠᠵᠤ ᠠᠬᠤᠢ ᠶᠢᠨ ᠡᠭᠡᠯᠵᠢᠲᠦ ᠲᠣᠭᠠᠯᠠᠯᠭ᠎ᠠ ᠣᠷᠣᠨ ᠳᠠᠶᠠᠭᠠᠷ ᠡᠬᠢᠯᠡᠯ᠎ᠡ

ᠬᠥᠳᠡᠭᠡ ᠠᠵᠤ ᠠᠬᠤᠢ ᠶᠢᠨ ᠡᠭᠡᠯᠵᠢᠲᠦ ᠲᠣᠭᠠᠯᠠᠯᠭ᠎ᠠ ᠣᠷᠣᠨ ᠳᠠᠶᠠᠭᠠᠷ ᠲᠠᠪᠤᠳᠤᠭᠠᠷ ᠰᠠᠷ᠎ᠠ ᠶᠢᠨ 21 ᠠᠴᠠ ᠳᠣᠯᠣᠳᠤᠭᠠᠷ ᠰᠠᠷ᠎ᠠ ᠶᠢᠨ 8 ᠤ ᠬᠤᠭᠤᠷᠦᠡᠳᠦ ᠦᠷᠭᠦᠯᠵᠢᠯᠡᠨ᠎ᠡ᠃ ᠲᠣᠭᠠᠯᠠᠯᠭ᠎ᠠ ᠶᠢᠨ ᠬᠤᠭᠤᠴᠠᠭᠠᠨ ᠳᠤ ᠲᠤᠰᠬᠠᠶᠢᠯᠠᠨ ᠪᠡᠯᠡᠳᠬᠡᠭᠳᠡᠭᠰᠡᠨ ᠲᠣᠭᠠᠯᠠᠭᠴᠢ ᠨᠠᠷ ᠢᠷᠭᠡᠳ᠂  ᠠᠵᠤ ᠠᠬᠤᠢ ᠶᠢᠨ ᠨᠢᠭᠡᠴᠡ᠂ ᠪᠠᠶᠢᠭᠤᠯᠤᠯᠤᠭ᠎ᠠ  ᠨᠤᠭᠤᠳ ᠠᠴᠠ ᠪᠡᠶᠡᠴᠢᠯᠡᠨ ᠣᠴᠢᠵᠤ ᠪᠠᠲᠤᠯᠠᠭᠳᠠᠭᠰᠠᠨ ᠮᠠᠶ᠋ᠢᠭᠲᠤ ᠶᠢᠨ ᠳᠠᠭᠠᠤ ᠮᠡᠳᠡᠭᠡᠯᠡᠯ ᠠᠪᠤᠨ᠎ᠠ᠃
2022 ᠣᠨ ᠤ ᠬᠥᠳᠡᠭᠡ ᠠᠵᠤ ᠠᠬᠤᠢ ᠶᠢᠨ ᠡᠭᠡᠯᠵᠢᠲᠦ ᠲᠣᠭᠠᠯᠠᠯᠭ᠎ᠠ ᠳᠤ᠂ ᠮᠠᠯ ᠠᠵᠤ ᠠᠬᠤᠶ᠂ ᠭᠠᠵᠠᠷ ᠲᠠᠷᠢᠶᠠᠯᠠᠩ᠂ ᠣᠢ ᠶᠢᠨ ᠠᠵᠤ ᠠᠬᠤᠶ᠂ ᠠᠩ ᠠᠩᠨᠠᠭᠤᠷ᠂ ᠵᠢᠭᠠᠰᠤ ᠠᠩᠨᠠᠬᠤ ᠰᠠᠯᠪᠤᠷᠢ ᠶᠢᠨ ᠦᠶᠯᠡᠳᠪᠦᠷᠢᠯᠡᠯ ᠡᠷᠬᠢᠯᠡᠭᠴᠢ ᠢᠷᠭᠡᠠ᠂ ᠠᠵᠤ ᠠᠬᠤᠢ ᠶᠢᠨ  ᠨᠢᠭᠡᠴᠢ ᠨᠦᠭᠦᠳ ᠬᠠᠮᠤᠷᠤᠭᠳᠠᠬᠤ ᠶᠠᠭᠤᠮ᠎ᠠ᠃ ᠲᠣᠭᠠᠯᠠᠯᠭ᠎ᠠ ᠶᠢᠨ ᠦᠷ᠎ᠡ ᠳ᠋ᠦᠩ ᠳᠤ ᠬᠥᠳᠡᠭᠡ ᠠᠵᠤ ᠠᠬᠤᠢ ᠶᠢᠨ ᠰᠠᠯᠪᠤᠷᠢ ᠶᠢᠨ ᠦᠨᠳᠦᠰᠦᠨ ᠦᠵᠡᠭᠦᠯᠦᠯᠲᠡ ᠨᠦᠭᠦᠳ ᠪᠤᠯᠦᠠ ᠰᠠᠯᠪᠤᠷᠢ ᠶᠢᠨ ᠪᠦᠲᠦᠴᠡ ᠳᠤ ᠭᠠᠷᠴᠤ ᠪᠠᠶᠢᠭ᠎ᠠ ᠥᠭᠡᠷᠡᠴᠢᠯᠡᠯᠲᠡ ᠶᠢ ᠲᠣᠭᠠᠴᠠᠨ᠂ ᠳ᠋ᠦᠩ ᠰᠢᠨᠵᠢᠯᠡᠭᠡ ᠬᠢᠵᠦ᠂ ᠴᠢᠨᠠᠭᠰᠢᠳᠠ ᠰᠠᠯᠪᠤᠷᠢ ᠶᠢᠨ ᠬᠥᠭᠵᠢᠯ ᠤᠨ ᠪᠣᠳᠤᠯᠭ᠎ᠠ ᠪᠣᠯᠪᠠᠰᠤᠷᠠᠭᠤᠯᠬᠤ᠂ ᠲᠡᠭᠦᠨ ᠤ ᠬᠡᠷᠡᠭᠵᠢᠯᠲᠡ ᠶᠢ ᠳ᠋ᠦᠩᠨᠡᠬᠦ ᠳᠤ ᠱᠠᠭᠠᠷᠳᠠᠭᠳᠠᠬᠤ ᠳᠡᠯᠭᠡᠷᠡᠩᠭᠦᠢ ᠮᠡᠳᠡᠭᠡᠯᠡᠯ ᠢ ᠭᠠᠷᠭᠠᠵᠤ᠂ ᠲᠤᠬᠠᠢ ᠶᠢᠨ ᠰᠠᠯᠪᠤᠷᠢ ᠳᠤ ᠦᠢᠯᠡᠳᠪᠦᠷᠢᠯᠡᠭᠳᠡᠭᠰᠡᠨ ᠨᠡᠶᠢᠲᠡ ᠪᠦᠲᠦᠭᠡᠭᠳᠡᠬᠦᠨ ᠤ ᠬᠡᠮᠵᠢᠶ᠎ᠡ ᠶᠢ ᠲᠣᠭᠠᠴᠠᠬᠤ ᠵᠡᠷᠭᠡ ᠪᠤᠰᠤᠳ ᠨᠡᠮᠡᠯᠲᠡ ᠮᠡᠳᠡᠭᠡᠯᠡᠯ ᠢ ᠴᠤᠭᠯᠠᠭᠤᠯᠬᠤ ᠪᠣᠯᠣᠮᠵᠢ ᠪᠦᠷᠢᠳᠴᠦ ᠪᠠᠶᠢᠭ᠎ᠠ ᠪᠠᠷ ᠢᠶᠠᠨ ᠶᠡᠬᠡᠭᠡᠬᠡᠨ ᠠᠴᠢ ᠬᠤᠯᠪᠣᠭᠳᠠᠯ ᠲᠠᠢ᠃

ᠰᠡᠳᠬᠢᠭᠳᠡᠯ ᠦᠯᠡᠳᠡᠭᠡᠬᠦ