ᠠᠵᠢᠯᠯᠠᠬᠤ ᠬᠦᠴᠦ 7 ᠬᠤᠪᠢ ᠪᠠᠷ ᠥᠰᠴᠡᠢ | News.MN

ᠠᠵᠢᠯᠯᠠᠬᠤ ᠬᠦᠴᠦ 7 ᠬᠤᠪᠢ ᠪᠠᠷ ᠥᠰᠴᠡᠢ

ᠦᠨᠳᠦᠰᠦᠨ ᠦ ᠰᠲ᠋ᠠᠲ᠋ᠢᠰᠲ᠋ᠢᠺ ᠤᠨ ᠬᠤᠷᠢᠶᠠᠨ ᠤ ᠮᠡᠳᠡᠭᠡᠯᠡᠭᠰᠡᠨ ᠮᠣᠩᠭᠤᠯ ᠤᠯᠤᠰ ᠤᠨ ᠨᠡᠶᠢᠭᠡᠮ᠂ ᠡᠳ᠋ ᠤᠨ ᠵᠠᠰᠠᠭ ᠤᠨ ᠰᠠᠯᠪᠤᠷᠢ ᠶᠢᠨ ᠡᠨᠡ ᠣᠨ ᠤ ᠡᠬᠢᠨ ᠤ ᠤᠯᠠᠷᠢᠯ ᠤᠨ ᠦᠵᠡᠭᠦᠯᠦᠯᠲᠡ ᠪᠠᠷ ᠤᠯᠤᠰ ᠤᠨ ᠬᠡᠮᠵᠢᠶᠡᠨ ᠳᠤ 1.2 ᠰᠠᠶ᠎ᠠ ᠠᠵᠢᠯᠯᠠᠬᠤ ᠬᠦᠴᠦ ᠪᠠᠶᠢᠨ᠎ᠡ᠃ ᠡᠭᠦᠨ ᠤ 1.1 ᠰᠠᠶ᠎ᠠ ᠪᠤᠶᠤ 91.5 ᠬᠤᠪᠢ ᠨᠢ ᠠᠵᠢᠯᠯᠠᠭᠴᠢᠳ ᠪᠠᠶᠢᠨ᠎ᠡ᠃ ᠠᠵᠢᠯᠯᠠᠭᠴᠢᠳ ᠤᠨ ᠲᠤᠭ᠎ᠠ ᠡᠮᠦᠨᠡᠬᠢ ᠣᠨ ᠤ ᠮᠦᠠ ᠦᠶ᠎ᠡ ᠠᠴᠠ 73.6 ᠮᠢᠩᠭ᠎ᠠ ᠪᠠᠷ ᠪᠤᠶᠤ 7 ᠬᠤᠪᠢ ᠪᠠᠷ᠂ ᠡᠮᠦᠨᠡᠬᠢ ᠤᠯᠠᠷᠢᠯ ᠠᠴᠠ 1.3 ᠮᠢᠩᠭ᠎ᠠ ᠪᠠᠷ ᠪᠤᠶᠤ 0.1 ᠬᠤᠪᠢ ᠪᠠᠷ ᠲᠤᠰ ᠲᠤᠰ ᠥᠰᠴᠡᠢ᠃
ᠤᠯᠤᠰ ᠤᠨ ᠬᠡᠮᠵᠢᠶᠡᠨ ᠳᠤ 15᠂ ᠲᠡᠭᠦᠨ ᠠᠴᠠ ᠳᠡᠭᠡᠭᠰᠢ ᠨᠠᠰᠤᠨ ᠤ ᠬᠥᠮᠦᠨ ᠠᠮᠠ ᠶᠢᠨ 892.8 ᠮᠢᠩᠭ᠎ᠠ ᠪᠤᠶᠤ 42 ᠬᠤᠪᠢ ᠨᠢ ᠠᠵᠢᠯᠯᠠᠬᠤ ᠬᠦᠴᠦᠨ ᠠᠴᠠ ᠭᠠᠳᠠᠭᠤᠷ ᠬᠥᠮᠦᠨ ᠠᠮᠠ ᠡᠵᠡᠯᠡᠵᠦ ᠪᠠᠶᠢᠨ᠎ᠡ᠃ ᠲᠡᠳᠡᠭᠡᠷ ᠤᠨ 46.5 ᠮᠢᠩᠭ᠎ᠠ ᠪᠤᠶᠤ 5.2 ᠬᠤᠪᠢ ᠨᠢ ᠴᠠᠯᠢᠩ ᠬᠥᠯᠥᠰᠦ᠂ ᠣᠷᠣᠯᠭ᠎ᠠ ᠤᠯᠬᠤ ᠠᠵᠢᠯ ᠬᠠᠶᠢᠬᠤ᠂ ᠡᠰᠡᠪᠡᠯ ᠬᠢᠬᠦ ᠨᠥᠬᠦᠴᠡᠯ ᠪᠦᠷᠢᠳᠪᠡᠯ ᠠᠵᠢᠯᠯᠠᠬᠤ ᠬᠦᠴᠦᠨ ᠤ ᠡᠩᠨᠡᠭᠡᠨ ᠳᠤ ᠰᠢᠯᠵᠢᠬᠦ ᠳᠤ ᠪᠡᠯᠡᠨ ᠪᠠᠶᠢᠭ᠎ᠠ ᠪᠣᠯᠤᠮᠵᠢᠲᠤ ᠠᠵᠢᠯᠯᠠᠬᠤ ᠬᠦᠴᠦ ᠪᠠᠶᠢᠨ᠎ᠡ᠃

ᠰᠡᠳᠬᠢᠭᠳᠡᠯ ᠦᠯᠡᠳᠡᠭᠡᠬᠦ