︽ᠢᠵᠡᠭᠤᠷ ᠠᠯᠲᠠᠨ ᠥᠪ︾ ᠨᠠᠭᠠᠳᠤᠮ ᠳᠤ ᠳᠡᠯᠭᠡᠷᠡᠬᠦ ᠰᠤᠮᠤ ᠲᠡᠷᠢᠬᠦᠠ ᠪᠠᠶᠢᠷᠢ ᠳᠤ ᠰᠢᠯᠭᠠᠷᠠᠯ᠎ᠠ | News.MN

︽ᠢᠵᠡᠭᠤᠷ ᠠᠯᠲᠠᠨ ᠥᠪ︾ ᠨᠠᠭᠠᠳᠤᠮ ᠳᠤ ᠳᠡᠯᠭᠡᠷᠡᠬᠦ ᠰᠤᠮᠤ ᠲᠡᠷᠢᠬᠦᠠ ᠪᠠᠶᠢᠷᠢ ᠳᠤ ᠰᠢᠯᠭᠠᠷᠠᠯ᠎ᠠ

ᠳᠣᠷᠤᠨᠠᠭᠤᠪᠢ ᠠᠶᠢᠮᠠᠭ ᠤᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠮᠦᠽᠧᠶ ᠰᠤᠷᠭᠠᠯᠲᠠ᠂ ᠰᠤᠳᠤᠯᠭᠠᠨ ᠤ ᠲᠥᠪ ᠂ ︽ᠢᠵᠡᠭᠤᠷ ᠠᠯᠲᠠᠨ ᠥᠪ︾ᠰᠣᠶᠤᠯ ᠤᠨ ᠪᠡᠶᠡᠲᠦ ᠪᠤᠰᠤ ᠥᠪ ᠤᠨ ᠠᠩᠬᠠᠳᠤᠭᠠᠷ ᠦᠵᠡᠯᠭᠡ᠂ ᠨᠠᠭᠠᠳᠤᠮ ᠢ ᠡᠨᠡ ᠰᠠᠷ᠎ᠠ ᠶᠢᠨ 17-18  ᠳᠤ ᠠᠮᠵᠢᠯᠲᠠᠲᠠᠶ ᠵᠣᠬᠢᠶᠠᠨ ᠪᠠᠶᠢᠭᠤᠯᠤᠯ᠎ᠠ᠃ ᠦᠵᠡᠯᠭᠡ᠂ ᠨᠠᠭᠠᠳᠤᠮ ᠳᠤ 14 ᠰᠤᠮᠤ ᠶᠢᠨ 372 ᠥᠪᠯᠡᠨ ᠤᠯᠡᠮᠵᠢᠯᠡᠬᠴᠢ ᠣᠷᠣᠯᠴᠠᠵᠤ᠂ ᠨᠡᠶᠢᠲᠡ ᠳ᠋ᠦᠩ ᠢᠶᠠᠷ ᠲᠡᠷᠢᠬᠦᠠ ᠪᠠᠶᠢᠷᠢ ᠳᠤ ᠳᠡᠯᠭᠡᠷᠡᠬᠦ ᠰᠤᠮᠤ᠂ ᠳᠡᠳ᠋ ᠪᠠᠶᠢᠷᠢ ᠳᠤ ᠵᠠᠮ ᠤᠨ ᠡᠭᠦᠳᠡ ᠰᠤᠮᠤ᠂ ᠭᠤᠲᠠᠭᠠᠷ ᠪᠠᠶᠢᠷᠢ ᠳᠤ ᠡᠷᠳᠡᠨᠢ ᠰᠤᠮᠤ᠂ ᠲᠤᠰᠬᠠᠶ ᠪᠠᠶᠢᠷᠢ ᠳᠤ ᠰᠠᠶᠢᠨᠱᠠᠩᠳᠠ ᠰᠤᠮᠤ ᠰᠢᠯᠭᠠᠷᠠᠭᠰᠠᠨ᠃
ᠡᠨᠡ ᠨᠠᠭᠠᠳᠤᠮ ᠤᠨ ᠰᠢᠯᠢᠳᠡᠭ ᠰᠤᠮᠤ ᠪᠠᠷ ᠰᠢᠯᠭᠠᠷᠠᠭᠰᠠᠨ ᠳᠡᠯᠭᠡᠷᠡᠬᠦ ᠰᠤᠮᠤ ᠨᠢ ᠰᠣᠶᠤᠯ ᠤᠨ ᠪᠡᠶᠡᠲᠦ ᠪᠤᠰᠤ ᠥᠪ ᠤᠨ ᠲᠠᠯ᠎ᠠ ᠪᠠᠷ ᠬᠢ ᠨᠤᠳᠤᠬ ᠣᠷᠣᠨ ᠤ ᠪᠠᠨ ᠣᠨᠴᠠᠯᠢᠭ ᠢ ᠢᠯᠡᠬᠦᠦ ᠭᠠᠷᠭᠠᠵᠤ ᠴᠢᠳᠠᠭᠰᠠᠨ ᠪᠠᠶᠢᠨ᠎ᠡ᠃ ᠲᠤᠬᠠᠶᠢᠯᠠᠪᠠᠯ᠂ ᠳᠡᠯᠭᠡᠷᠡᠬᠦ ᠰᠤᠮᠤ  ᠪᠤᠯ  ᠮᠣᠩᠭᠣᠯ ᠤᠨ ᠬᠤᠷᠳᠦᠠ ᠠᠳᠤᠭᠤᠨ ᠤ ᠬᠦᠯᠢᠶᠡᠨ ᠵᠥᠪᠰᠢᠶᠡᠷᠡᠭᠳᠡᠭᠰᠡᠨ ᠴᠦᠭᠡᠠ ᠬᠡᠳᠦᠨ ᠤᠭᠰᠢᠯ ᠤᠨ ᠨᠢᠭᠡ ᠭᠠᠯᠰᠠᠩ᠂ ᠪᠠᠨᠳᠢ ᠠᠳᠤᠭᠤᠨ ᠤ ᠤᠭᠰᠢᠯ ᠲᠠᠢ ᠬᠤᠷᠳᠦᠠ ᠮᠣᠷᠢᠳ ᠤᠨ ᠥᠯᠥᠭᠡᠶ ᠨᠤᠳᠤᠬ ᠪᠥᠭᠡᠳ  ᠮᠣᠩᠭᠣᠯ ᠤᠨ ᠠᠯᠳᠠᠷᠲᠤ ᠮᠤᠷᠢᠨ ᠬᠠᠭᠤᠷᠴᠢ ᠴᠣᠶᠢᠨ ᠪᠠᠨᠽᠠᠷᠠᠭᠴᠠ ᠶᠢᠨ ᠲᠥᠷᠦᠭᠰᠡᠨ ᠨᠤᠳᠤᠬ  ᠶᠤᠮ᠃

ᠳᠡᠯᠭᠡᠷᠡᠬᠦ ᠶᠢᠨ ᠬᠢᠨ  ᠪᠥᠬᠡ᠂ ᠮᠣᠷᠢ ᠴᠣᠯᠠᠯᠠᠵᠤ᠂ ᠨᠤᠮᠤ ᠡᠪᠰᠢᠶᠡᠬᠦ ᠵᠠᠩ ᠦᠢᠯᠡ ᠶᠢ ᠦᠵᠡᠭᠦᠯᠵᠦ᠂ ᠠᠶᠢᠯ ᠭᠡᠷ ᠤᠨ ᠢᠷᠦᠭᠡᠯ ᠠᠶᠢᠯᠠᠳᠬᠤ᠂ ᠮᠠᠭᠲᠠᠭᠠᠯ᠂ ᠤᠷᠲᠤ ᠶᠢᠨ ᠳᠠᠭᠤᠤ᠂ ᠬᠤᠷᠳᠦᠠ ᠮᠣᠷᠢᠨ ᠤ ᠮᠠᠷᠵᠠᠶ ᠳᠠᠭᠤᠳᠠᠬᠤ ᠵᠡᠷᠭᠡ ᠨᠤᠳᠤᠬ ᠣᠷᠣᠨ ᠤ ᠪᠠᠨ ᠦᠦᠬᠡ ᠲᠡᠦᠬᠡ ᠣᠨᠴᠠᠯᠢᠭ  ᠪᠦᠬᠦᠢ ᠢᠵᠡᠭᠤᠷ ᠤᠷᠠᠯᠢᠭ᠂ ᠪᠡᠶᠡᠲᠦ ᠪᠤᠰᠤ ᠥᠪ ᠢ ᠨᠢᠭᠡᠨ ᠴᠣᠭᠴᠠ ᠪᠠᠶᠢᠳᠠᠯ ᠢᠶᠠᠷ ᠲᠣᠪᠣᠶᠢᠯᠭᠠᠨ ᠭᠠᠷᠭᠠᠵᠤ ᠴᠢᠳᠠᠭᠰᠠᠨ ᠢᠶᠠᠷ ᠢᠶᠠᠨ ︽ᠢᠵᠡᠭᠤᠷ ᠠᠯᠲᠠᠨ ᠥᠪ︾ ᠰᠣᠶᠤᠯ ᠤᠨ ᠪᠡᠶᠡᠲᠦ ᠪᠤᠰᠤ ᠥᠪ ᠤᠨ ᠠᠩᠬᠠᠳᠤᠭᠠᠷ ᠦᠵᠡᠯᠭᠡ᠂ ᠨᠠᠭᠠᠳᠤᠮ ᠳᠤ ᠣᠯᠠᠨ ᠠᠢ ᠰᠠᠪᠠ ᠶᠢ ᠨᠢᠭᠡ ᠳ᠋ᠤᠷ ᠦᠵᠡᠭᠦᠯᠦᠭᠰᠡᠨ ᠠᠮᠵᠢᠯᠲᠠ ᠪᠠᠷ ᠲᠡᠷᠢᠭᠦᠯᠡᠭᠰᠡᠨ ᠪᠠᠶᠢᠨ᠎ᠡ᠃

ᠰᠡᠳᠬᠢᠭᠳᠡᠯ ᠦᠯᠡᠳᠡᠭᠡᠬᠦ