30 ᠹᠧᠷᠮ ᠪᠠᠢᠭᠤᠯᠪᠠᠯ ᠳᠣᠲᠣᠭᠠᠳᠤ ᠶᠢᠨ ᠰᠦᠨ ᠤ ᠬᠡᠷᠡᠭᠴᠡᠭᠡ ᠶᠢ ᠪᠦᠷᠢᠠ ᠬᠠᠩᠭᠠᠨ᠎ᠠ | News.MN

30 ᠹᠧᠷᠮ ᠪᠠᠢᠭᠤᠯᠪᠠᠯ ᠳᠣᠲᠣᠭᠠᠳᠤ ᠶᠢᠨ ᠰᠦᠨ ᠤ ᠬᠡᠷᠡᠭᠴᠡᠭᠡ ᠶᠢ ᠪᠦᠷᠢᠠ ᠬᠠᠩᠭᠠᠨ᠎ᠠ

ᠮᠣᠩᠭᠤᠯ ᠤᠯᠤᠰ ᠤᠨ ᠶᠡᠷᠦᠩᠬᠡᠶᠢᠯᠡᠭᠴᠢ ᠤ᠊ · ᠬᠦᠷᠡᠯᠰᠦ᠋ᠬᠡ ᠭᠠᠵᠠᠷ ᠲᠠᠷᠢᠶᠠᠯᠠᠩ ᠤᠨ ᠪᠦᠰᠡ ᠨᠤᠲᠤᠭ ᠲᠤ ᠠᠵᠢᠯᠯᠠᠬᠤ ᠦᠶ᠎ᠡ ᠪᠠᠷ ᠢᠶᠠᠨ ᠰᠡᠯᠡᠩᠭᠡ ᠠᠶᠢᠮᠠᠭ ᠤᠨ ᠮᠠᠨᠳᠤᠯ ᠰᠤᠮᠤᠨ ᠳᠤ ᠦᠶᠯᠡ ᠠᠵᠢᠯᠯᠠᠭ᠎ᠠ ᠶᠠᠪᠤᠭᠤᠯᠳᠠᠭ︽ᠮᠠᠺᠰ ᠠᠷᠭᠤ᠋︾ᠺᠤᠮᠫᠠᠨᠢ  ᠶᠢᠨ ᠠᠵᠢᠯ ᠲᠠᠢ ᠲᠠᠨᠢᠯᠴᠠᠯ᠎ᠠ᠃︽ ᠮᠠᠺᠰ︾ᠭᠷᠦ᠋ᠫ᠂ ︽ᠰᠦ︾ ᠻᠣᠮᠫᠠᠨᠢ ᠬᠠᠮᠲᠤᠷᠠᠨ 2014 ᠣᠨ ᠳᠤ ᠪᠦᠬᠦᠳᠠ ᠨᠠᠶᠢᠷᠠᠮᠳᠠᠬᠤ ᠰᠯᠦᠸᠡᠺᠢᠶ᠎ᠠ ᠤᠯᠤᠰ ᠠᠴᠠ 300 ᠦᠨᠢᠶ᠎ᠡ ᠣᠷᠣᠭᠤᠯᠵᠤ ᠢᠷᠡᠨ᠂ ᠡᠷᠴᠢᠮᠵᠢᠭᠰᠡᠨ ᠮᠠᠯ ᠠᠵᠤ ᠠᠬᠤᠢ ᠶᠢᠨ ᠴᠣᠭᠴᠠᠯᠠᠪᠤᠷᠢ ᠹᠧᠷᠮ ᠪᠠᠶᠢᠭᠤᠯᠤᠭᠰᠠᠨ ᠨᠢ ᠡᠨᠡ ᠪᠠᠶᠢᠨ᠎ᠡ᠃
ᠡᠨᠡ ᠡᠭᠦᠯᠳᠡᠷ ᠤᠨ ᠦᠨᠢᠶ᠎ᠡ ᠰᠠᠭᠠᠯᠢ ᠶᠢᠨ 305 ᠬᠤᠨᠤᠭ ᠲᠤ ᠪᠠᠨ 7500-14000 ᠯᠢᠲᠷ ᠰᠦ ᠥᠭᠳᠡᠭ᠂ ᠠᠮᠢᠳᠤ ᠶᠢᠨ ᠵᠢᠩ ᠨᠢ ᠳᠤᠮᠳᠠᠴᠢ ᠪᠠᠷ 700 ᠺᠢᠯᠣᠭ᠍ᠷᠠᠮ  ᠶᠤᠮ᠃︽ ᠮᠠᠺᠰ  ᠠᠷᠭᠤ᠋︾ᠺᠤᠮᠫᠠᠨᠢ ᠵᠢᠯ ᠳᠤ 20 ᠣᠷᠴᠢᠮ ᠲᠡᠷᠪᠤᠮ ᠲᠥᠭᠦᠷᠢᠭ ᠤᠨ ᠰᠦ ᠶᠢ 2500 ᠪᠡᠯᠡᠳᠬᠡᠨ ᠨᠡᠶᠢᠯᠡᠭᠦᠯᠦᠭᠴᠢ᠂  ᠮᠠᠯᠴᠢᠨ ᠠᠴᠠ ᠠᠪᠴᠤ︽ᠰᠦ︾ᠬᠤᠪᠢᠴᠠᠭᠠᠲᠤ ᠻᠣᠮᠫᠠᠨᠢ  ᠳᠤ ᠨᠡᠶᠢᠯᠡᠭᠦᠯᠳᠡᠭ᠃

ᠤᠰᠤᠯᠠᠭᠠᠨ ᠤ ᠰᠢᠰᠲ᠋ᠧᠮ᠂ ᠹᠧᠷᠮ ᠤᠨ ᠲᠣᠨᠤᠭ ᠲᠥᠬᠦᠭᠡᠷᠦᠮᠵᠢ ᠶᠢ ᠬᠥᠩᠭᠡᠯᠡᠯᠲᠡ ᠲᠠᠢ ᠦᠨ᠎ᠡ ᠪᠠᠷ ᠠᠪᠬᠤ ᠳᠦ ᠨᠢ ᠤᠯᠤᠰ ᠠᠴᠠ ᠳᠠᠮᠵᠢᠬᠦ ᠬᠡᠷᠡᠭᠲᠡᠢ ᠃ ᠮᠠᠨ ᠤ ᠤᠯᠤᠰ ᠰᠦᠨ ᠤ ᠪᠠᠨ 50 ᠬᠤᠪᠢ ᠶᠢ ᠯᠡ ᠳᠣᠲᠣᠭᠠᠳᠤ ᠠᠴᠠ ᠬᠠᠩᠭᠠᠳᠠᠭ᠃ ᠣᠷᠴᠢᠨ ᠦᠶ᠎ᠡ ᠶᠢᠨ ᠱᠠᠭᠠᠷᠳᠠᠯᠭ᠎ᠠ ᠬᠠᠩᠭᠠᠭᠰᠠᠨ᠂ ᠳᠡᠪᠰᠢᠯᠲᠡᠲᠦ ᠲᠧᠭᠨᠢᠭ᠂ ᠲᠧᠭᠨᠣᠯᠣᠭᠢ  ᠪᠦᠬᠦᠢ 30 ᠹᠧᠷᠮ ᠪᠤᠶᠤ 9000 ᠭᠯᠦᠱᠲ᠋ᠧᠢᠨ ᠡᠭᠦᠯᠳᠡᠷ ᠤᠨ ᠦᠨᠢᠶ᠎ᠡ ᠲᠠᠢ ᠪᠠᠶᠢᠪᠠᠯ ᠳᠣᠲᠣᠭᠠᠳᠤ ᠶᠢᠨ ᠬᠡᠷᠡᠭᠴᠡᠭᠡ ᠪᠠᠨ ᠪᠦᠷᠢᠠ  ᠬᠠᠩᠭᠠᠬᠤ ᠪᠣᠯᠣᠮᠵᠢ ᠲᠠᠢ ᠭᠡᠵᠦ ︽ᠰᠦ︾ ᠻᠣᠮᠫᠠᠨᠢ   ᠶᠢᠨ ᠭᠦᠢᠴᠡᠳᠬᠡᠬᠦ ᠵᠠᠬᠢᠷᠤᠯ ᠮ᠊ ∙ ᠪᠣᠯᠣᠳ ᠶᠠᠷᠢᠯ᠎ᠠ᠃
 

 

ᠰᠡᠳᠬᠢᠭᠳᠡᠯ ᠦᠯᠡᠳᠡᠭᠡᠬᠦ