ᠮᠣᠩᠭᠤᠯ ᠤᠷᠭᠤᠮᠠᠯ ᠤᠨ ᠲᠣᠰᠣ ᠶᠢ ᠡᠺᠰᠫᠣᠷᠲ ᠲᠤ ᠭᠠᠷᠭᠠᠵᠤ ᠡᠬᠢᠯᠡᠵᠡᠢ | News.MN

ᠮᠣᠩᠭᠤᠯ ᠤᠷᠭᠤᠮᠠᠯ ᠤᠨ ᠲᠣᠰᠣ ᠶᠢ ᠡᠺᠰᠫᠣᠷᠲ ᠲᠤ ᠭᠠᠷᠭᠠᠵᠤ ᠡᠬᠢᠯᠡᠵᠡᠢ

︽ᠮᠠᠢᠨᠳ᠋ ᠲᠧᠴ︾ᠺᠤᠮᠫᠠᠨᠢ  ᠬᠠᠷ᠎ᠠ  ᠷᠠᠫᠰ ᠤᠨ ᠦᠷ᠎ᠡ ᠶᠢ ᠰᠡᠯᠡᠩᠭᠡ ᠠᠶᠢᠮᠠᠭ ᠤᠨ ᠪᠠᠶᠠᠩᠭᠤᠣᠯ ᠰᠤᠮᠤᠨ ᠳᠤ ᠪᠠᠶᠢᠷᠢᠯᠠᠬᠤ︽ᠰᠡᠯᠡᠩᠭᠡ︾ᠦᠢᠯᠡᠳᠪᠦᠷᠢ  ᠳᠤ ᠪᠣᠯᠪᠠᠰᠤᠷᠠᠭᠤᠯᠵᠤ ︽ᠡᠵᠡᠭᠲᠡᠶ︾ᠨᠡᠷ᠎ᠡ ᠲᠠᠢ ᠪᠠᠷ ᠵᠠᠬ᠎ᠠ ᠵᠡᠭᠡᠯᠢ ᠳᠤ ᠨᠡᠶᠢᠯᠡᠭᠦᠯᠵᠦ ᠪᠠᠶᠢᠨ᠎ᠡ᠃ ᠤᠷᠭᠤᠮᠠᠯ ᠤᠨ ᠲᠣᠰᠣ ᠶᠢ  ᠪᠦᠬᠦᠳᠠ ᠨᠠᠶᠢᠷᠠᠮᠳᠠᠬᠤ ᠰᠣᠯᠤᠩᠭᠤᠰ ᠤᠯᠤᠰ ᠲᠤ ᠭᠠᠷᠭᠠᠵᠤ ᠡᠬᠢᠯᠡᠭᠰᠡᠨ ᠪᠥᠭᠡᠳ ᠡᠬᠢᠨ ᠤ ᠦᠶ᠎ᠡ ᠳᠤ 800 ᠮᠢᠩᠭᠠᠨ ᠲᠤᠨ ᠲᠣᠰᠤ ᠨᠡᠶᠢᠯᠡᠭᠦᠯᠬᠦ ᠪᠠᠷ ᠭᠡᠷ᠎ᠡ ᠬᠢᠵᠡᠢ᠃

ᠦᠢᠯᠡᠳᠪᠦᠷᠢ ᠬᠤᠨᠤᠭ ᠲᠤ 100 ᠲᠤᠨ ᠲᠣᠰᠤᠯᠢᠭ ᠤᠷᠭᠤᠮᠠᠯ ᠤᠨ ᠦᠷ᠎ᠡ ᠪᠣᠯᠪᠠᠰᠤᠷᠠᠭᠤᠯᠬᠤ ᠬᠦᠴᠦᠨ ᠴᠢᠳᠠᠯ ᠲᠠᠢ ᠪᠠᠷ ᠠᠵᠢᠯᠯᠠᠵᠤ ᠡᠬᠢᠯᠡᠭᠰᠡᠨ ᠪᠠᠶᠢᠨ᠎ᠡ᠃ ᠴᠢᠨᠠᠭᠰᠢᠳᠠ 300 ᠲᠤᠨ ᠪᠣᠯᠭᠠᠵᠤ ᠨᠡᠮᠡᠬᠦ ᠪᠣᠯᠣᠮᠵᠢ ᠲᠠᠢ᠂ ᠪᠦᠷᠢᠠ ᠠᠦ᠋ᠲ᠋ᠣᠮᠠᠲ ᠦᠢᠯᠡᠳᠪᠦᠷᠢ ᠶᠤᠮ ᠪᠠᠶᠢᠨ᠎ᠡ᠃︽ᠮᠠᠢᠨᠳ᠋ ᠲᠧᠴ︾ᠺᠤᠮᠫᠠᠨᠢ ᠤᠷᠭᠤᠮᠠᠯ ᠤᠨ ᠲᠣᠰᠤ ᠪᠣᠯᠪᠠᠰᠤᠷᠠᠭᠤᠯᠵᠤ ᠵᠠᠬ᠎ᠠ ᠵᠡᠭᠡᠯᠢ ᠳᠤ ᠨᠡᠶᠢᠯᠡᠭᠦᠯᠬᠦ ᠠᠴᠠ ᠭᠠᠳᠡᠨ᠎ᠡ  ᠪᠢᠤ᠋ ᠳ᠋ᠢᠽᠧᠯᠢ ᠂ ᠮᠠᠯ ᠤᠨ ᠬᠦᠴᠦᠲᠦ ᠲᠡᠵᠢᠭᠡᠯ ᠦᠢᠯᠡᠳᠪᠦᠷᠢᠯᠡᠳᠡᠭ᠃

ᠰᠡᠳᠬᠢᠭᠳᠡᠯ ᠦᠯᠡᠳᠡᠭᠡᠬᠦ