ᠠᠶᠢᠯ ᠡᠷᠦᠬᠡ  ᠳᠦ ᠥᠭᠭᠦᠭᠰᠡᠨ ᠰᠠᠭᠤᠯᠭᠠᠴᠠ ᠶᠢᠨ ᠤᠷᠭᠤᠯᠲᠠ 75 ᠬᠤᠪᠢ ᠲᠠᠶ ᠪᠠᠶᠢᠨ᠎ᠡ | News.MN

ᠠᠶᠢᠯ ᠡᠷᠦᠬᠡ  ᠳᠦ ᠥᠭᠭᠦᠭᠰᠡᠨ ᠰᠠᠭᠤᠯᠭᠠᠴᠠ ᠶᠢᠨ ᠤᠷᠭᠤᠯᠲᠠ 75 ᠬᠤᠪᠢ ᠲᠠᠶ ᠪᠠᠶᠢᠨ᠎ᠡ

ᠰᠦᠬᠡᠪᠠᠭᠠᠲᠤᠷ ᠠᠢᠮᠠᠭ ᠤᠨ ᠪᠠᠷᠠᠭᠤᠨ ᠤᠷᠲᠤ ᠰᠤᠮᠤ ᠶᠢᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ   ᠶᠢᠰᠤᠨ ᠪᠠᠭ ᠤᠨ 402 ᠠᠶᠢᠯ ᠡᠷᠦᠬᠡ ᠳᠤ 1980 ᠰᠢᠷᠭᠡᠭ ᠪᠤᠶᠤ ᠨᠡᠶᠢᠲᠡ ᠨᠠᠢᠮᠠᠨ ᠰᠠᠶ᠎ᠠ ᠲᠥᠭᠦᠷᠢᠭ ᠤᠨ ᠥᠷᠲᠡᠭ  ᠪᠦᠬᠦᠢ ᠰᠠᠭᠤᠯᠭᠠᠴᠠ ᠦᠭᠴᠦ ᠲᠠᠷᠢᠭᠤᠯᠵᠠᠢ᠃ ᠡᠭᠦᠨ ᠳᠤ ᠬᠠᠶᠢᠯᠠᠰᠤ᠂ ᠤᠯᠢᠶᠠᠰᠤ᠂ ᠠᠭᠴᠢ ᠮᠣᠳᠤ ᠪᠤᠯᠦᠠ ᠨᠣᠬᠠᠶ ᠬᠤᠰᠢᠭᠤ᠂ ᠭᠦᠶᠯᠡᠰᠦ᠂ ᠪᠤᠶᠢᠯᠠᠰᠤ ᠵᠡᠷᠭᠡ ᠵᠢᠮᠢᠰ ᠤᠨ ᠮᠤᠳᠤ ᠨᠤᠭᠤᠳ ᠪᠤᠢ᠃

ᠮᠣᠳᠤᠨ ᠤ ᠤᠷᠭᠤᠯᠲᠠ 75 ᠬᠤᠪᠢ ᠲᠠᠶ ᠪᠠᠶᠢᠨ᠎ᠡ ᠂ ᠶᠡᠷᠦᠩᠬᠡᠢ ᠳᠡᠭᠡᠨ ᠮᠣᠳᠤᠨ ᠤ ᠤᠷᠭᠤᠯᠲᠠ ᠵᠢᠭᠳᠡ ᠪᠠᠶᠢᠨ᠎ᠡ᠃ ᠬᠠᠷᠢᠨ ᠵᠠᠷᠢᠮ ᠠᠶᠢᠯ ᠡᠷᠦᠬᠡ ᠠᠷᠠᠴᠢᠯᠠᠭ᠎ᠠ ᠪᠤᠯᠦᠠ ᠬᠠᠮᠡᠭᠠᠯᠡᠯᠳᠠ ᠬᠠᠩᠭᠠᠯᠲᠠ ᠦᠭᠡᠶ ᠪᠠᠶᠢᠭ᠎ᠠ ᠤᠴᠢᠷ ᠤᠷᠭᠤᠭᠰᠠᠨ ᠮᠣᠳᠣᠳ ᠬᠤᠭᠤᠷᠠᠵᠤ ᠭᠡᠮᠲᠦᠬᠦ ᠡᠷᠡᠰᠳᠡᠯ ᠦᠡᠳᠦᠷ ᠪᠠᠶᠢᠨ᠎ᠡ᠃ ᠲᠡᠶᠢᠮᠦ ᠠᠴᠠ ᠵᠤᠬᠢᠬᠤ ᠵᠥᠪᠯᠡᠮᠵᠢ᠂ ᠵᠥᠪᠯᠡᠯᠭᠡ ᠶᠢ ᠥᠭᠭᠦᠭᠰᠡᠨ ᠭᠡᠵᠦ ᠪᠠᠷᠠᠭᠤᠨ ᠤᠷᠲᠤ ᠰᠤᠮᠤ ᠶᠢᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ  ᠤᠨ ᠪᠠᠶᠢᠭᠠᠯᠢ ᠣᠷᠴᠢᠨ ᠤ ᠪᠠᠶᠢᠴᠡᠭᠠᠬᠴᠢ ᠬ᠋᠊ · ᠯᠧᠭᠵᠢᠮ᠎ᠡ ᠬᠡᠯᠡᠯ᠎ᠡ᠃ ᠳᠡᠭᠡᠷᠡᠬᠢ ᠰᠠᠭᠤᠯᠭᠠᠴᠠ ᠶᠢ ᠮᠣᠳᠤ ᠲᠠᠷᠢᠬᠤ 
ᠬᠦᠰᠡᠯ ᠂ ᠰᠣᠨᠢᠷᠬᠠᠯᠲᠠᠢ ᠠᠶᠢᠯ ᠡᠷᠦᠬᠡ ᠤᠳ ᠲᠤ ᠦᠨ᠎ᠡ ᠲᠥᠯᠦᠪᠦᠷᠢ ᠦᠭᠡᠢ ᠥᠭᠭᠦᠭᠰᠡᠨ ᠪᠣᠯ ᠡᠨᠡ ᠵᠢᠯ ᠬᠠᠶᠢᠯᠠᠰᠤ᠂ ᠤᠯᠢᠶᠠᠰᠤ᠂  ᠰᠢᠷ᠎ᠠ ᠬᠤᠸᠠᠶᠢᠰᠠ ᠵᠡᠷᠭᠡ ᠮᠣᠳᠤᠨ ᠤ ᠰᠠᠭᠤᠯᠭᠠᠴᠠ ᠶᠢ 50 ᠬᠤᠪᠢ ᠶᠢᠨ ᠬᠥᠩᠭᠡᠯᠡᠯᠲᠡ ᠲᠠᠢ ᠦᠨ᠎ᠡ ᠪᠠᠷ ᠦᠭᠬᠦ ᠶᠤᠮ᠃

ᠰᠡᠳᠬᠢᠭᠳᠡᠯ ᠦᠯᠡᠳᠡᠭᠡᠬᠦ