︽ᠲᠠᠲᠠᠪᠤᠷᠢ ᠶᠢᠨ ᠡᠳᠦᠷ ᠤᠳ ︾ᠪᠤᠯᠤᠯ᠎ᠠ | News.MN

︽ᠲᠠᠲᠠᠪᠤᠷᠢ ᠶᠢᠨ ᠡᠳᠦᠷ ᠤᠳ ︾ᠪᠤᠯᠤᠯ᠎ᠠ

︽ ᠲᠠ ᠪᠡᠶᠡᠯᠢᠬ ᠪᠦᠲᠦᠭᠡᠭᠴᠢ︾ᠤᠷᠢᠶᠠᠨ ᠳ᠋ᠤᠷ ᠪᠣᠯᠣᠭᠰᠠᠨ ᠡᠨᠡ ᠵᠢᠯ ᠤᠨ︽ᠲᠠᠲᠠᠪᠤᠷᠢ ᠶᠢᠨ ᠡᠳᠦᠷ ᠤᠳ ︾ ᠢᠶᠡᠷ ᠰᠢᠯᠢᠳᠡᠭ ᠲᠠᠲᠠᠪᠤᠷᠢ ᠲᠥᠯᠦᠭᠴᠢ ᠠᠵᠤ ᠠᠬᠤᠢ ᠶᠢᠨ ᠨᠢᠭᠡᠴᠢ ᠨᠤᠭᠦᠳ ᠢ ᠲᠣᠳᠣᠷᠠᠭᠤᠯᠪᠠ᠃ ᠮᠦᠠ ᠨᠡᠶᠢᠰᠯᠡᠯ ᠤᠨ ᠶᠢᠰᠦᠨ ᠳᠡᠭᠦᠷᠭᠡ᠂ ᠬᠤᠷᠢᠨ ᠨᠢᠭᠡᠨ ᠠᠶᠢᠮᠠᠭ ᠤᠨ ᠲᠠᠲᠠᠪᠤᠷᠢ ᠶᠢᠨ ᠬᠡᠯᠲᠡᠰ ᠲᠣᠮᠤᠬᠠᠨ ᠬᠤᠳᠠᠯᠳᠤᠭᠠᠨ ᠤ ᠲᠥᠪ ᠤᠳ ᠲᠤ ᠲᠥᠯᠥᠪᠦᠷᠢ ᠶᠢᠨ ᠪᠠᠷᠢᠮᠲᠠ ᠠᠪᠬᠤ᠂ ᠦᠭᠬᠦ ᠳᠠᠳᠤᠯ ᠰᠠᠭᠤᠯᠭᠠᠬᠤ ᠡᠳᠦᠷᠯᠢᠭ ᠢ ᠵᠣᠬᠢᠶᠠᠨ ᠪᠠᠶᠢᠭᠤᠯᠵᠤ᠂ ᠴᠠᠬᠢᠮ ᠣᠷᠴᠢᠨ ᠳᠤ︽ᠲᠥᠯᠦᠭᠰᠡᠨ ᠯᠠ ᠪᠣᠯ ᠪᠠᠷᠢᠮᠲᠠ ᠪᠠᠨ ᠠᠪᠤᠭᠠᠷᠠᠢ︾  ᠤᠷᠢᠶᠠᠯᠠᠭ᠎ᠠ  ᠪᠦᠬᠦᠢ ᠰᠤᠷᠳᠠᠯᠴᠢᠯᠠᠭᠠᠨ ᠤ ᠠᠵᠢᠯ ᠢ ᠬᠢᠵᠡᠢ᠃
ᠡᠨᠡ ᠣᠨ ᠢ︽ᠲᠠᠲᠠᠪᠤᠷᠢ ᠶᠢᠨ ᠪᠣᠯᠪᠠᠰᠤᠷᠠᠯ ᠢ ᠳᠡᠮᠵᠢᠬᠦ ᠵᠢᠯ︾ᠪᠣᠯᠭᠠᠭᠰᠠᠨ ᠲᠠᠢ ᠬᠤᠯᠪᠣᠭ᠎ᠠ ᠲᠠᠢ ᠨᠡᠶᠢᠰᠯᠡᠯ ᠤᠨ  ᠶᠡᠷᠦᠩᠬᠡᠶ ᠪᠣᠯᠪᠠᠰᠤᠷᠠᠯ ᠤᠨ ᠰᠤᠷᠭᠠᠭᠤᠯᠢ   ᠶᠢᠨ ᠪᠠᠭᠰᠢ ᠨᠠᠷ ᠤᠨ ᠳᠤᠮᠳᠠ ᠬᠡᠦᠬᠡᠳ ᠪᠠᠭᠠᠴᠤᠳ ᠲᠤ ᠲᠠᠲᠠᠪᠤᠷᠢ ᠶᠢᠨ ᠪᠣᠯᠪᠠᠰᠤᠷᠠᠯ ᠣᠯᠭᠤᠬᠤ ᠵᠣᠷᠢᠯᠭ᠎ᠠ  ᠪᠠᠷ ᠵᠠᠷᠯᠠᠭᠰᠠᠨ ᠰᠢᠯᠢᠳᠡᠭ ᠵᠤᠬᠢᠶᠠᠯ ᠤᠨ ᠤᠷᠤᠯᠳᠤᠭᠠᠨ ᠤ ᠰᠢᠯᠢᠳᠡᠭ ᠤᠳ ᠪᠤᠯᠦᠠ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠳᠠᠭ ᠭᠠᠷ ᠵᠢᠷᠤᠭ ᠤᠨ ᠤᠷᠤᠯᠳᠤᠭᠠᠨ ᠤ  ᠢᠯᠠᠭᠴᠢᠳ ᠢ  ᠰᠢᠯᠭᠠᠷᠠᠭᠤᠯᠤᠯ᠎ᠠ᠃
 

ᠰᠡᠳᠬᠢᠭᠳᠡᠯ ᠦᠯᠡᠳᠡᠭᠡᠬᠦ