ᠬᠤᠪᠳᠣ ᠳᠤ 600 ᠭᠠᠷᠦᠢ ᠰᠤᠪᠢᠯᠡᠬᠴᠢ᠂ ᠲᠤᠰᠬᠠᠶ ᠮᠡᠷᠭᠡᠵᠢᠯᠲᠡᠨ ᠠᠵᠢᠯᠯᠠᠵᠤ ᠪᠠᠶᠢᠨ᠎ᠡ | News.MN

ᠬᠤᠪᠳᠣ ᠳᠤ 600 ᠭᠠᠷᠦᠢ ᠰᠤᠪᠢᠯᠡᠬᠴᠢ᠂ ᠲᠤᠰᠬᠠᠶ ᠮᠡᠷᠭᠡᠵᠢᠯᠲᠡᠨ ᠠᠵᠢᠯᠯᠠᠵᠤ ᠪᠠᠶᠢᠨ᠎ᠡ

ᠬᠤᠪᠳᠤ ᠠᠶᠢᠮᠠᠭ ᠤᠨ ᠵᠠᠰᠠᠭ ᠳᠠᠷᠤᠭ᠎ᠠ ᠶᠢᠨ ᠦᠶᠯᠡ ᠠᠵᠢᠯᠯᠠᠭᠠᠨ ᠤ ᠬᠦᠲᠦᠯᠪᠦᠷᠢ ᠳᠦ ᠡᠮᠴᠢ᠂ ᠡᠮᠨᠡᠯᠭᠡ ᠶᠢᠨ ᠠᠵᠢᠯᠲᠠᠳ ᠢ ᠳᠡᠮᠵᠢᠬᠦ᠂ ᠤᠷᠮᠠᠰᠢᠭᠤᠯᠬᠤ ᠵᠠᠮ ᠢᠶᠠᠷ ᠴᠢᠳᠠᠪᠤᠷᠢᠯᠢᠭ ᠪᠤᠯᠪᠡᠰᠦᠠ ᠬᠦᠴᠦᠨ ᠪᠡᠯᠡᠳᠬᠡᠬᠦ ᠳᠤ ᠴᠢᠭᠯᠡᠭᠰᠡᠨ︽ᠴᠢᠳᠠᠪᠤᠷᠢᠯᠢᠭ ᠡᠮᠴᠢ᠂ ᠮᠡᠷᠭᠡᠵᠢᠯᠲᠡᠨ︾ᠳᠡᠳ᠋ ᠬᠥᠲᠥᠯᠪᠦᠷᠢ ᠬᠡᠷᠡᠭᠵᠢᠵᠦ ᠪᠤᠶ᠃ ᠬᠥᠲᠥᠯᠪᠦᠷᠢ ᠶᠢᠨ ᠬᠦᠷᠢᠶᠡᠨ ᠳᠤ︽ᠰᠢᠯᠢᠳᠡᠭ ᠰᠤᠪᠢᠯᠡᠬᠴᠢ︾᠂︽ᠰᠢᠯᠢᠳᠡᠭ ᠲᠤᠰᠬᠠᠶ ᠮᠡᠷᠭᠡᠵᠢᠯᠲᠡᠨ︾  ᠨᠤᠭᠦᠳ ᠢ ᠰᠢᠯᠭᠠᠷᠠᠭᠤᠯᠤᠯ᠎ᠠ᠃
ᠢᠩᠭᠢᠭᠡᠳ ᠡᠷᠡᠭᠦᠯ ᠮᠡᠨᠳᠦ ᠶᠢᠨ ᠰᠠᠯᠪᠤᠷᠢ ᠳᠤ ᠲᠡᠰᠦᠷᠡᠯᠳᠠ ᠦᠭᠡᠢ 28 ᠵᠢᠯ ᠠᠵᠢᠯᠯᠠᠵᠤ᠂ ᠰᠤᠪᠢᠯᠠᠬᠤᠢ ᠶᠢᠨ ᠴᠢᠭᠯᠡᠯ ᠢᠶᠠᠷ ᠣᠯᠠᠨ ᠢᠯᠡᠳᠬᠡᠯ ᠰᠤᠳᠤᠯᠭᠠᠨ ᠤ ᠠᠵᠢᠯ ᠪᠢᠴᠢᠵᠦ᠂ ᠰᠤᠪᠢᠯᠠᠬᠤᠢ ᠶᠢᠨ ᠮᠡᠷᠭᠡᠵᠢᠯᠲᠡᠨ ᠢ ᠬᠥᠭᠵᠢᠭᠦᠯᠬᠦ ᠳᠤ ᠦᠨ᠎ᠡ ᠲᠠᠢ ᠬᠤᠪᠢ ᠨᠡᠮᠡᠷᠢ ᠣᠷᠣᠭᠤᠯᠤᠭᠰᠠᠨ ᠠᠮᠵᠢᠯᠲᠠ ᠪᠠᠷ ᠪᠦᠰᠡ ᠶᠢᠨ ᠤᠨᠤᠰᠢᠯᠠᠭᠠᠨ ᠤ ᠲᠦᠪ ᠦᠨ ᠰᠤᠪᠢᠯᠠᠬᠤᠢ ᠶᠢᠨ ᠮᠧᠨᠧᠵᠧᠷ ᠲ᠊·ᠡᠩᠬᠡᠲᠤᠶᠠᠭ᠎ᠠ᠂ ᠮᠦᠠ 33 ᠵᠢᠯ ᠮᠡᠰᠡ ᠵᠠᠰᠠᠯ ᠤᠨ ᠰᠤᠪᠢᠯᠡᠬᠴᠢ ᠪᠠᠷ ᠠᠵᠢᠯᠯᠠᠵᠤ ᠪᠠᠶᠢᠭ᠎ᠠ ᠠᠮᠤᠷᠵᠢᠬᠤ ᠭᠠᠵᠠᠷ ᠤᠨ ᠰᠤᠪᠢᠯᠡᠬᠴᠢ ᠪ∙ᠰᠤᠪᠤᠳᠴᠢᠮᠡᠭ᠂ ᠺᠤᠷᠤᠨᠠ ᠸᠢᠷᠦ᠋ᠰ ᠦᠨ ᠬᠠᠯᠳᠠᠪᠤᠷᠢ ᠶᠢᠨ ᠲᠠᠷᠬᠠᠯᠲᠠ ᠶᠢᠨ ᠦᠶ᠎ᠡ ᠳᠤ ᠬᠠᠮᠤᠬ ᠤᠨ ᠣᠯᠠᠨ ᠪᠤᠶᠤ 98 ᠬᠤᠨᠤᠭ ᠰᠤᠪᠢᠯᠡᠬᠴᠢ ᠪᠠᠷ ᠠᠵᠢᠯᠯᠠᠵᠤ ᠢᠷᠭᠡᠳ ᠤᠨ ᠡᠷᠡᠭᠦᠯ ᠮᠡᠨᠳᠦ ᠶᠢ ᠬᠠᠮᠠᠭᠠᠯᠠᠬᠤ ᠶᠢᠨ ᠲᠥᠯᠥᠭᠡ ᠰᠡᠦᠡᠬᠢᠯ᠂ ᠵᠢᠳᠬᠦᠯ ᠭᠠᠷᠭᠠᠭᠰᠠᠨ ᠪᠦᠰᠡ ᠶᠢᠨ ᠤᠨᠤᠰᠢᠯᠠᠭᠠᠨ ᠤ ᠲᠦᠪ ᠦᠨ ᠲᠤᠰᠠᠯᠠᠬᠤ ᠰᠤᠪᠢᠯᠡᠬᠴᠢ ᠬ᠊·ᠴᠡᠴᠡᠭ  ᠨᠠᠷ︽ᠰᠢᠯᠢᠳᠡᠭ ᠰᠤᠪᠢᠯᠡᠬᠴᠢ︾ ᠪᠠᠷ ᠰᠢᠯᠭᠠᠷᠠᠵᠤ᠂  ᠱᠠᠩᠨᠠᠯ ᠢᠶᠠᠨ ᠭᠠᠷᠳᠠᠨ ᠠᠪᠤᠪᠠ᠃
ᠬᠤᠪᠳᠤ ᠠᠶᠢᠮᠠᠭ ᠲᠤ ᠡᠷᠡᠭᠦᠯ ᠮᠡᠨᠳᠦ ᠶᠢᠨ ᠰᠠᠯᠪᠤᠷᠢ ᠳᠤ 1369 ᠡᠮᠴᠢ᠂ ᠡᠮᠨᠡᠯᠭᠡ ᠶᠢᠨ ᠠᠵᠢᠯᠲᠠᠨ ᠪᠤᠢ᠃ ᠡᠭᠦᠨ ᠤ 600 ᠭᠠᠷᠦᠢ ᠨᠢ ᠰᠤᠪᠢᠯᠡᠬᠴᠢ᠂ ᠲᠤᠰᠬᠠᠶ ᠮᠡᠷᠭᠡᠵᠢᠯᠲᠡᠨ ᠪᠠᠶᠢᠨ᠎ᠡ᠃ ᠲᠤᠰ ᠠᠶᠢᠮᠠᠭ ᠤᠨ ᠡᠷᠡᠭᠦᠯ ᠮᠡᠨᠳᠦ ᠶᠢᠨ ᠰᠠᠯᠪᠤᠷᠢ ᠶᠢᠨ ᠬᠢᠨ 2022 ᠣᠨ ᠢ︽ᠡᠮᠨᠡᠯᠭᠡ ᠶᠢᠨ ᠲᠤᠰᠠᠯᠠᠮᠵᠢ ᠶᠢᠨ ᠴᠢᠨᠠᠷᠲᠠᠢ ᠂ ᠠᠶᠤᠯᠭᠦᠢ ᠪᠠᠶᠢᠳᠠᠯ ᠢ ᠰᠠᠶᠢᠵᠢᠷᠠᠭᠤᠯᠬᠤ ᠵᠢᠯ︾ ᠪᠣᠯᠭᠠᠨ ᠵᠠᠷᠯᠠᠵᠤ᠂ ᠢᠷᠭᠡᠠ ᠪᠦᠷᠢ ᠳᠤ ᠡᠷᠡᠭᠦᠯ ᠮᠡᠨᠳᠦ ᠶᠢᠨ ᠲᠤᠰᠠᠯᠠᠮᠵᠢ᠂ ᠦᠢᠯᠡᠴᠢᠯᠡᠭᠡ ᠶᠢ ᠲᠡᠭᠰᠢ᠂ ᠬᠦᠷᠲᠡᠭᠡᠮᠵᠢ ᠲᠠᠢ᠂ ᠴᠢᠨᠠᠷᠲᠠᠢ ᠬᠦᠷᠭᠡᠬᠦ ᠶᠢ ᠵᠣᠷᠢᠵᠤ ᠪᠤᠶ᠃

ᠰᠡᠳᠬᠢᠭᠳᠡᠯ ᠦᠯᠡᠳᠡᠭᠡᠬᠦ