ᠦᠨᠡᠲᠦ ᠥᠪ᠂ ᠤᠷᠠᠨ ᠵᠢᠷᠤᠭ ᠤᠳ ᠢᠶᠠᠷ ᠦᠵᠡᠰᠬᠦᠯᠡᠩ ᠨᠡᠭᠡᠭᠡᠪᠡ | News.MN

ᠦᠨᠡᠲᠦ ᠥᠪ᠂ ᠤᠷᠠᠨ ᠵᠢᠷᠤᠭ ᠤᠳ ᠢᠶᠠᠷ ᠦᠵᠡᠰᠬᠦᠯᠡᠩ ᠨᠡᠭᠡᠭᠡᠪᠡ

ᠵᠠᠪᠬᠠᠨ ᠠᠶᠢᠮᠠᠭ ᠲᠤ ᠣᠯᠠᠨ ᠤᠯᠤᠰ ᠤᠨ ᠮᠦᠽᠧᠢ ᠶᠢᠨ ᠡᠳᠦᠷ ᠢ ᠤᠭᠲᠤᠨ︽ᠮᠦᠽᠧᠢ ᠶᠢᠨ ᠬᠦᠴᠦ ᠨᠦᠯᠤᠬᠡ︾ᠰᠡᠳᠦᠪ ᠤᠨᠳᠤᠤᠷ᠎ᠠ᠂ ︽ᠣᠨ ᠴᠠᠭ ᠤᠨ ᠬᠡᠯᠬᠢᠶ᠎ᠡ︾ᠨᠡᠷ᠎ᠡ ᠲᠠᠢ ᠤᠷᠠᠨ ᠵᠢᠷᠤᠭ ᠤᠨ ᠦᠵᠡᠰᠬᠦᠯᠡᠩ ᠨᠡᠭᠡᠭᠡᠭᠡᠳ ᠪᠤᠶ᠃ ᠦᠵᠡᠰᠬᠦᠯᠡᠩ ᠳᠤ ᠮᠦᠽᠧᠢ ᠶᠢᠨ ᠰᠠᠩ ᠬᠥᠮᠥᠷᠭᠡ ᠳᠤ ᠬᠠᠳᠠᠭᠠᠯᠠᠭᠳᠠᠵᠤ ᠪᠤᠶ ᠵᠢᠷᠤᠭᠠᠴᠢᠳ ᠤᠨ ᠵᠢᠷᠤᠭᠰᠠᠨ  ᠵᠢᠷᠤᠭ ᠤᠳ ᠠᠴᠠ ᠭᠠᠳᠡᠨ᠎ᠡ ᠱᠠᠰᠢᠨ ᠲᠡᠦᠬᠡ ᠶᠢᠨ ᠬᠤᠯᠪᠣᠭᠳᠠᠯ ᠲᠠᠢ ᠵᠢᠷᠤᠭ ᠤᠳ ᠳᠡᠯᠭᠡᠭᠳᠡᠭᠰᠡᠨ ᠪᠠᠶᠢᠨ᠎ᠡ᠃
ᠲᠤᠬᠠᠶᠢᠯᠠᠪᠠᠯ᠂ ᠵᠢᠷᠤᠭᠠᠴᠢ ᠴ᠊ ·ᠮᠢᠨᠵᠦᠦᠷ ᠤᠨ1967 ᠣᠨ ᠳᠤ ᠵᠢᠷᠤᠭᠰᠠᠨ︽ᠦᠡᠳᠦᠷ ᠬᠠᠩᠭᠠᠢ ᠶᠢᠨ ᠨᠡᠭᠦᠳᠡᠯ︾ᠴᠤᠪᠤᠷᠠᠯ ᠵᠢᠷᠤᠭ ᠤᠳ᠂ ᠮᠣᠩᠭᠤᠯ ᠤᠯᠤᠰ ᠤᠨ ᠠᠷᠠᠳ ᠤᠨ ᠵᠢᠷᠤᠭᠠᠴᠢ ᠪ ∙ᠳᠠᠰᠢᠳᠣᠷᠵᠢ ᠶᠢᠨ 1959 ᠣᠨ ᠳᠤ ᠵᠢᠷᠤᠭᠰᠠᠨ ︽ᠠᠷᠡᠦᠠ ᠠᠶᠤᠰᠢ︾᠂ ᠮᠣᠩᠭᠤᠯ ᠤᠯᠤᠰ ᠤᠨ ᠠᠷᠠᠳ ᠤᠨ ᠵᠢᠷᠤᠭᠠᠴᠢ ᠵ᠊ ·ᠲᠦᠮᠡᠨᠪᠠᠶᠠᠷ ᠤᠨ 1968 ᠣᠨ ᠳᠤ ᠵᠢᠷᠤᠭᠰᠠᠨ︽ᠤᠬᠠᠭᠤᠯᠭ᠎ᠠ︾ᠨᠡᠷ᠎ᠡ ᠲᠠᠢ ᠵᠢᠷᠤᠭ ᠤᠳ ᠳᠡᠯᠭᠡᠵᠡᠢ᠃ ᠶᠡᠬᠡᠪᠴᠢᠯᠡᠨ 1950-1970 ᠣᠨ ᠤ ᠬᠤᠭᠤᠷᠦᠡᠳᠦ ᠵᠢᠷᠤᠭᠰᠠᠨ ᠵᠠᠪᠬᠠᠨ ᠠᠶᠢᠮᠠᠭ ᠤᠨ ᠵᠢᠷᠤᠭᠠᠴᠢᠳ ᠤᠨ ᠬᠤᠪᠦᠷ᠂  ᠲᠡᠦᠬᠡ ᠶᠢᠨ ᠥᠪ ᠪᠣᠯᠣᠭᠰᠠᠨ ᠪᠦᠲᠦᠭᠡᠯ ᠤᠳ᠂ ᠣᠷᠴᠢᠨ ᠦᠶ᠎ᠡ ᠶᠢᠨ ᠵᠢᠷᠤᠭᠠᠴᠢᠳ ᠤᠨ ᠪᠦᠲᠦᠭᠡᠯ ᠤᠳ ᠭᠡᠳ ᠨᠡᠶᠢᠲᠡ 150 ᠭᠠᠷᠦᠢ ᠤᠷᠠᠨ ᠵᠢᠷᠤᠭ ᠳᠡᠯᠭᠡᠵᠡᠢ᠃

ᠰᠡᠳᠬᠢᠭᠳᠡᠯ ᠦᠯᠡᠳᠡᠭᠡᠬᠦ