ᠮᠣᠩᠭᠣᠯ ᠤᠨ ᠫᠣᠻᠧᠷ ᠤᠨ ᠪᠠᠭ ᠳᠡᠯᠡᠬᠡᠢ ᠶᠢᠨ ᠲᠡᠮᠡᠴᠡᠭᠡᠨ ᠳᠤ ᠥᠷᠢᠰᠦᠯᠳᠦᠨ᠎ᠡ | News.MN

ᠮᠣᠩᠭᠣᠯ ᠤᠨ ᠫᠣᠻᠧᠷ ᠤᠨ ᠪᠠᠭ ᠳᠡᠯᠡᠬᠡᠢ ᠶᠢᠨ ᠲᠡᠮᠡᠴᠡᠭᠡᠨ ᠳᠤ ᠥᠷᠢᠰᠦᠯᠳᠦᠨ᠎ᠡ

ᠮᠣᠩᠭᠣᠯ ᠤᠨ ᠴᠢᠯᠦᠭᠡᠳᠦ ᠫᠣᠻᠧᠷ ᠤᠨ ᠰᠫᠣᠷᠲ ᠤᠨ ᠬᠤᠯᠪᠤᠭᠠᠨ ᠤ ᠪᠠᠭ ᠤᠨ ᠲᠠᠮᠢᠷᠴᠢᠳ ᠫᠣᠻᠧᠷ ᠤᠨ  ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠤᠷᠦᠯᠴᠡᠬᠤ ᠪᠣᠯᠣᠭᠰᠠᠨ ᠲᠠᠯ᠎ᠠ ᠪᠠᠷ ᠢᠶᠠᠨ  ᠮᠡᠳᠡᠭᠡᠯᠡᠯ᠎ᠡ᠃ ᠲᠡᠳᠡ ᠦᠡᠭᠭᠡᠷᠡᠭᠰᠡᠠ ᠣᠨ ᠳᠤ ᠠᠽᠢᠶ᠎ᠠ ᠶᠢᠨ ᠤᠷᠢᠳᠴᠢᠯᠠᠭᠰᠠᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠣᠷᠣᠯᠴᠠᠵᠤ ᠡᠮᠦᠨᠡᠳᠦ ᠰᠤᠯᠦᠩᠭᠤᠰ᠂  ᠲᠠᠢᠸᠠᠨ᠂ ᠢᠰᠷᠧᠯ ᠂ ᠰᠢᠩᠭᠠᠫᠦᠷ᠂ ᠹᠢᠯᠢᠫᠢᠨ ᠤ ᠪᠠᠭ ᠢ ᠬᠤᠵᠢᠵᠦ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠤᠷᠦᠯᠴᠡᠬᠤ ᠡᠷᠬᠡ ᠤᠯᠤᠭᠰᠠᠨ᠃ ᠲᠡᠮᠡᠴᠡᠭᠡᠨ ᠲᠠᠪᠤᠳᠤᠭᠠᠷ ᠰᠠᠷ᠎ᠠ ᠶᠢᠨ 23-27 ᠤ ᠡᠳᠦᠷ ᠤᠳ ᠲᠤ ᠮᠠᠺᠧᠳᠣᠨ  ᠳᠤ ᠵᠣᠬᠢᠶᠠᠨ ᠪᠠᠶᠢᠭᠤᠯᠤᠭᠳᠠᠨ᠎ᠠ᠃
ᠮᠡᠳᠡᠭᠡᠯᠡᠯ ᠬᠢᠬᠦ ᠦᠶ᠎ᠡ ᠪᠡᠷ ᠢᠶᠡᠨ ᠲᠡᠳᠡ᠄ ᠮᠥᠷᠦᠢ ᠲᠠᠢ ᠲᠣᠭᠯᠠᠭᠠᠮ ᠤᠨ ᠲᠤᠬᠠᠶ ᠬᠠᠤᠯᠢ ᠪᠠᠷ ᠫᠣᠻᠧᠷ ᠢ ᠬᠤᠷᠢᠭᠯᠠᠭᠰᠠᠨ᠃ ᠡᠨᠡ ᠨᠢ ᠪᠢᠳᠡᠨ ᠢ ᠪᠡᠯᠡᠦᠡᠭᠡᠯ ᠬᠢᠬᠦ ᠪᠣᠯᠤᠮᠵᠢ ᠦᠭᠡᠶ ᠪᠣᠯᠭᠠᠵᠤ ᠪᠠᠶᠢᠨ᠎ᠡ᠃ ᠲᠡᠶᠢᠮᠦ ᠠᠴᠠ ᠡᠨᠡ ᠬᠠᠤᠯᠢ ᠳᠤ ᠥᠭᠡᠷᠡᠴᠢᠯᠡᠯᠲᠡ ᠣᠷᠣᠭᠤᠯᠬᠤ ᠱᠠᠭᠠᠷᠳᠠᠯᠭ᠎ᠠ ᠲᠠᠢ ᠪᠠᠶᠢᠨ᠎ᠡ᠃ ᠠᠯᠢᠪᠡ ᠵᠦᠢᠯ ᠢ ᠬᠤᠷᠢᠭᠯᠠᠬᠤ ᠪᠤᠰᠤ ᠵᠤᠬᠢᠴᠠᠭᠤᠯᠬᠤ ᠨᠢ ᠬᠠᠮᠤᠬ ᠤᠨ ᠵᠥᠪ ᠰᠢᠢᠳᠪᠦᠷᠢ ᠪᠠᠶᠢᠳᠠᠭ᠃
ᠫᠣᠻᠧᠷ ᠨᠢ ᠲᠣᠭᠯᠠᠭᠴᠢ ᠠᠴᠠ ᠮᠠᠲ᠋ᠧᠮᠠᠲ᠋ᠢᠺ ᠰᠡᠳᠬᠢᠬᠦᠢ᠂ ᠲᠣᠭᠠᠴᠠᠭᠠᠯᠠᠨ ᠪᠣᠳᠤᠬᠤ ᠴᠢᠳᠡᠪᠦᠷᠢ᠂ ᠣᠶ ᠲᠣᠭᠲᠠᠭᠠᠯᠲᠠ᠂ ᠮᠠᠭᠠᠳᠯᠠᠯ ᠤᠨ ᠣᠨᠤᠯ᠂ ᠰᠡᠦᠡᠬᠢᠯ ᠵᠦᠢ ᠶᠢᠨ ᠤᠷ᠎ᠠ ᠴᠢᠳᠠᠪᠤᠷᠢ ᠱᠠᠭᠠᠷᠳᠠᠳᠠᠭ ᠳᠡᠯᠡᠬᠡᠢ ᠳᠤ ᠬᠦᠯᠢᠶᠡᠨ ᠵᠥᠪᠰᠢᠶᠡᠷᠡᠭᠳᠡᠭᠰᠡᠨ ᠣᠶᠤᠨ ᠤ ᠰᠫᠣᠷᠲ ᠶᠤᠮ᠃ ᠫᠣᠻᠧᠷ ᠢ ᠤᠷᠢᠳᠴᠢᠯᠠᠨ ᠲᠡᠭᠠᠮᠡᠬᠯᠡᠬᠤ ᠪᠦᠷᠢᠠ ᠪᠣᠯᠣᠮᠵᠢ ᠲᠠᠢ ᠤᠴᠢᠷ ᠠᠴᠠ ᠮᠥᠷᠦᠢ ᠲᠠᠢ ᠲᠣᠭᠯᠠᠭᠠᠮ ᠠᠴᠠ ᠢᠯᠭᠠᠵᠤ ᠦᠢᠯᠭᠠᠬᠤ ᠬᠡᠷᠡᠭ ᠲᠠᠢ ᠭᠡᠪᠡ᠃

ᠰᠡᠳᠬᠢᠭᠳᠡᠯ ᠦᠯᠡᠳᠡᠭᠡᠬᠦ