ᠮᠣᠩᠭᠣᠯ ᠤᠨ ᠡᠷᠡᠭᠲᠡᠢ᠂ ᠡᠮᠡᠭᠳᠡᠢ ᠪᠠᠭ ᠰᠢᠭᠤᠦᠠ ᠤᠷᠦᠯᠴᠡᠬᠤ ᠡᠷᠬᠡ ᠪᠠᠨ ᠠᠪᠤᠯ᠎ᠠ | News.MN

ᠮᠣᠩᠭᠣᠯ ᠤᠨ ᠡᠷᠡᠭᠲᠡᠢ᠂ ᠡᠮᠡᠭᠳᠡᠢ ᠪᠠᠭ ᠰᠢᠭᠤᠦᠠ ᠤᠷᠦᠯᠴᠡᠬᠤ ᠡᠷᠬᠡ ᠪᠠᠨ ᠠᠪᠤᠯ᠎ᠠ

ᠣᠯᠠᠨ ᠤᠯᠤᠰ ᠤᠨ ᠰᠠᠭᠰᠤᠨ ᠪᠥᠮᠪᠦᠭᠡ ᠶᠢᠨ ᠬᠤᠯᠪᠣᠭᠠᠨ ᠠᠴᠠ ᠠᠽᠢᠶ᠎ᠠ ᠲᠢᠪ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠲᠠᠪᠤᠳᠠᠬᠢ ᠤᠳᠠᠭ᠎ᠠ ᠪᠠᠨ ᠡᠨᠡ ᠣᠨ ᠤ ᠵᠢᠷᠭᠤᠳᠤᠭᠠᠷ ᠰᠠᠷ᠎ᠠ ᠶᠢᠨ 6-10 ᠤ ᠬᠤᠭᠤᠷᠦᠡᠳᠦ ᠵᠣᠬᠢᠶᠠᠨ ᠪᠠᠶᠢᠭᠤᠯᠤᠨ᠎ᠠ᠃ ᠰᠢᠩᠭᠠᠫᠤᠷ ᠲᠤ ᠪᠣᠯᠬᠤ ᠲᠡᠮᠡᠴᠡᠭᠡᠨ ᠳᠤ ᠨᠡᠶᠢᠲᠡ 53︵ᠡᠷᠡᠭᠲᠡᠢ 30᠂ ᠡᠮᠡᠭᠳᠡᠢ 23︶ ᠤᠯᠤᠰ ᠤᠨ ᠰᠢᠭᠰᠢᠭᠡ ᠪᠠᠭ ᠤᠷᠦᠯᠴᠡᠬᠤ ᠪᠥᠭᠡᠳ 2019 ᠣᠨ ᠳᠤ 40 ᠪᠠᠭ ᠣᠷᠣᠯᠴᠠᠵᠤ ᠪᠠᠶᠢᠭᠰᠠᠨ ᠲᠡᠭᠡᠳᠦ ᠠᠮᠵᠢᠯᠲᠠ ᠶᠢ ᠡᠶᠢᠨ ᠬᠦ ᠰᠢᠨᠡᠴᠢᠯᠡᠨ ᠲᠣᠭᠲᠠᠭᠠᠵᠠᠢ᠃

ᠡᠮᠡᠭᠲᠡᠶᠢᠴᠦᠳ ᠤᠨ ᠠᠩᠭᠢᠯᠠᠯ ᠤᠨ ᠰᠢᠭᠤᠦᠠ ᠤᠷᠦᠯᠴᠡᠬᠤ ᠳᠣᠯᠤᠭᠠᠨ  ᠪᠠᠭ ᠲᠤ ᠮᠣᠩᠭᠤᠯ᠂ ᠬᠢᠲᠠᠳ᠂ ᠶᠠᠫᠤᠨ᠂ ᠲᠠᠶᠢᠸᠠᠨ ᠤ ᠪᠠᠭ ᠤᠳ ᠪᠠᠭᠲᠠᠵᠤ ᠪᠠᠶᠢᠨ᠎ᠡ᠃ ᠡᠷᠡᠭᠲᠡᠶᠢᠴᠦᠳ ᠤᠨ ᠠᠩᠭᠢᠯᠠᠯ ᠳᠤ  ᠶᠡᠷᠦ ᠳᠦ ᠪᠡᠨ ᠭᠤᠷᠪᠠᠨ ᠪᠠᠭ ᠤᠷᠦᠯᠴᠡᠬᠤ ᠡᠷᠬᠡ ᠪᠠᠨ ᠰᠢᠭᠤᠦᠠ ᠠᠪᠤᠭᠰᠠᠨ ᠨᠢ ᠵᠣᠬᠢᠶᠠᠨ ᠪᠠᠶᠢᠭᠤᠯᠤᠭᠴᠢ ᠰᠢᠩᠭᠠᠫᠦᠷ᠂ ᠠᠦ᠋ᠰᠲᠷᠠᠯᠢᠶ᠎ᠠ᠂ ᠠᠽᠢᠶ᠎ᠠ ᠶᠢᠨ ᠴᠢᠨᠰᠠᠭ᠎ᠠ ᠶᠢ ᠲᠡᠷᠢᠭᠦᠯᠡᠭᠴᠢ ᠮᠣᠩᠭᠤᠯ ᠤᠯᠤᠰ ᠤᠨ ᠪᠠᠭ ᠪᠢᠯᠡ᠃

ᠰᠡᠳᠬᠢᠭᠳᠡᠯ ᠦᠯᠡᠳᠡᠭᠡᠬᠦ