ᠮᠣᠩᠭᠤᠯ ᠮᠣᠷᠢᠳ ᠵᠡᠭᠦᠨ ᠡᠮᠦᠨᠡᠳᠦ ᠠᠽᠢᠶ᠎ᠠ ᠶᠢᠨ ᠰᠫᠣᠷᠲ ᠤᠨ ᠶᠡᠭᠡ ᠨᠠᠭᠠᠳᠤᠮ ᠤᠨ ᠨᠡᠭᠡᠭᠡᠯᠲᠡ ᠳᠤ ᠡᠭᠦᠷᠭᠡ ᠭᠦᠢᠴᠡᠭᠡᠵᠡᠢ | News.MN

ᠮᠣᠩᠭᠤᠯ ᠮᠣᠷᠢᠳ ᠵᠡᠭᠦᠨ ᠡᠮᠦᠨᠡᠳᠦ ᠠᠽᠢᠶ᠎ᠠ ᠶᠢᠨ ᠰᠫᠣᠷᠲ ᠤᠨ ᠶᠡᠭᠡ ᠨᠠᠭᠠᠳᠤᠮ ᠤᠨ ᠨᠡᠭᠡᠭᠡᠯᠲᠡ ᠳᠤ ᠡᠭᠦᠷᠭᠡ ᠭᠦᠢᠴᠡᠭᠡᠵᠡᠢ

ᠪᠦᠬᠦᠳᠠ ᠨᠠᠶᠢᠷᠠᠮᠳᠠᠬᠤ ᠰᠣᠼᠢᠶᠠᠯᠢᠰᠲ ᠸᠢᠶᠧᠲᠨᠠᠮ ᠤᠯᠤᠰ ᠤᠨ ᠨᠡᠶᠢᠭᠡᠮ ᠤᠨᠠᠶᠤᠯᠭᠦᠢ ᠪᠠᠶᠢᠳᠠᠯ ᠤᠨ ᠶᠠᠮᠤᠨ ᠤ ᠬᠠᠷᠢᠶ᠎ᠠ ᠵᠡᠪᠰᠡᠭᠲᠦ ᠴᠠᠭᠳᠠᠭ᠎ᠠ ᠶᠢᠨ ᠳᠡᠷᠭᠡᠳᠡᠬᠢ ᠮᠣᠷᠢᠲᠤ ᠴᠠᠭᠳᠠᠭ᠎ᠠ ᠶᠢᠨ  ᠬᠤᠷᠢᠶ᠎ᠠ ᠨᠢ 2022 ᠣᠨ ᠤ ᠲᠠᠪᠤᠳᠤᠭᠠᠷ ᠰᠠᠷ᠎ᠠ ᠶᠢᠨ 12-23  ᠳᠦ ᠸᠢᠶᠧᠲᠨᠠᠮ ᠤᠯᠤᠰ ᠲᠤ ᠵᠣᠬᠢᠶᠠᠨ ᠪᠠᠶᠢᠭᠤᠯᠤᠭᠳᠠᠵᠤ ᠪᠤᠶ ᠵᠡᠭᠦᠨ ᠡᠮᠦᠨᠡᠳᠦ ᠠᠽᠢᠶ᠎ᠠ ᠶᠢᠨ ᠰᠫᠣᠷᠲ ᠤᠨ 31 ᠳ᠋ᠦ᠋ᠭᠡᠷ ᠶᠡᠭᠡ ᠨᠠᠭᠠᠳᠤᠮ︵ SEA GAMES 31 ︶  ᠤᠨ ᠨᠡᠭᠡᠭᠡᠯᠲᠡ ᠶᠢᠨ ᠦᠶᠯᠡ ᠠᠵᠢᠯᠯᠠᠭᠠᠨ ᠤ ᠦᠶ᠎ᠡ ᠪᠠᠷ ᠠᠶᠤᠯᠭᠦᠢ ᠪᠠᠶᠢᠳᠠᠯ᠂ ᠨᠡᠶᠢᠲᠡ ᠶᠢᠨ ᠬᠡᠪ ᠵᠢᠷᠤᠮ ᠢ ᠰᠠᠬᠢᠭᠤᠯᠬᠤ ᠴᠢᠭᠯᠡᠯ ᠢᠶᠠᠷ ᠡᠭᠦᠷᠭᠡ ᠭᠦᠢᠴᠡᠳᠬᠡᠭᠰᠡᠨ ᠪᠠᠶᠢᠨ᠎ᠡ᠃

2020 ᠣᠨ ᠳᠤ ᠲᠤᠰ ᠬᠤᠷᠢᠶ᠎ᠠ ᠶᠢ ᠮᠣᠩᠭᠤᠯ ᠤᠯᠤᠰ ᠤᠨ ᠲᠤᠰᠠᠯᠠᠮᠵᠢ ᠲᠠᠢ ᠪᠠᠷ ᠠᠩᠬ᠎ᠠ ᠪᠠᠶᠢᠭᠤᠯᠤᠭᠰᠠᠨ ᠪᠥᠭᠡᠳ ᠤᠨᠤᠯᠭ᠎ᠠ ᠡᠳ᠋ᠯᠡᠭᠡ ᠪᠤᠯᠦᠠ ᠦᠷᠡᠵᠢᠯ ᠤᠨ ᠵᠣᠷᠢᠭᠤᠯᠤᠯᠲᠠ  ᠪᠦᠬᠦᠢᠯᠡ 105 ᠮᠣᠩᠭᠤᠯ ᠠᠳᠤᠭᠤ ᠶᠢ ᠸᠢᠶᠧᠲᠨᠠᠮ ᠳᠤ ᠲᠡᠭᠡᠭᠡᠪᠦᠷᠢᠯᠡᠨ ᠬᠦᠷᠭᠡᠵᠦ ᠪᠠᠶᠢᠭᠰᠠᠨ ᠪᠣᠯ ᠡᠳᠦᠭᠡ 125 ᠲᠤᠭ᠎ᠠ ᠲᠣᠯᠤᠭᠠᠢ ᠪᠣᠯᠵᠤ ᠥᠰᠦᠭᠰᠡᠨ ᠪᠠᠶᠢᠨ᠎ᠡ᠃ ᠲᠡᠳᠡ ᠭᠠᠳᠠᠭᠠᠳᠤ ᠶᠢᠨ ᠲᠥᠷᠦ ᠶᠢᠨ ᠲᠡᠷᠢᠭᠦᠨ ᠢ ᠤᠭᠲᠤᠨ ᠠᠪᠬᠤ ᠶᠣᠰᠣᠯᠠᠯ ᠬᠦᠨᠳᠦᠳᠬᠡᠯ ᠤᠨ ᠠᠷᠭ᠎ᠠ ᠬᠡᠮᠵᠢᠶᠡᠨ ᠳᠤ ᠣᠷᠣᠯᠴᠠᠬᠤ ᠠᠴᠠ ᠭᠠᠳᠡᠨ᠎ᠡ ᠨᠡᠶᠢᠭᠡᠮ ᠤᠨ ᠬᠡᠪ ᠵᠢᠷᠤᠮ ᠢ ᠰᠠᠬᠢᠭᠤᠯᠬᠤ᠂ ᠲᠡᠭᠡᠭᠡᠪᠦᠷᠢ ᠶᠢᠨ ᠭᠡᠷᠡᠭᠰᠡᠯ ᠵᠤᠷᠴᠢᠬᠤ ᠪᠣᠯᠤᠮᠵᠢ ᠦᠭᠡᠶ ᠬᠢᠯᠢ ᠣᠷᠴᠢᠮ ᠤᠨ ᠣᠢ  ᠶᠢᠨ ᠪᠦᠰᠡ ᠨᠦᠭᠦᠳ ᠲᠤ ᠠᠶᠤᠯᠭᠦᠢ ᠪᠠᠶᠢᠳᠠᠯ ᠢ ᠬᠠᠩᠭᠠᠬᠤ ᠳᠤ ᠲᠤᠰᠬᠠᠶ ᠡᠭᠦᠷᠭᠡ ᠭᠦᠢᠴᠡᠳᠬᠡᠬᠦ ᠶᠤᠮ᠃

 

ᠰᠡᠳᠬᠢᠭᠳᠡᠯ ᠦᠯᠡᠳᠡᠭᠡᠬᠦ