ᠪᠠᠯᠧᠲ ᠤᠨ ᠬᠤᠶᠠᠳᠤᠭᠠᠷ ᠤᠷᠤᠯᠳᠤᠭᠠᠨ ᠢ ᠠᠷᠪᠠᠨ ᠣᠷᠣᠨ ᠤ ᠰᠢᠭᠦᠭᠴᠢ ᠰᠢᠭᠦᠨ᠎ᠡ | News.MN

ᠪᠠᠯᠧᠲ ᠤᠨ ᠬᠤᠶᠠᠳᠤᠭᠠᠷ ᠤᠷᠤᠯᠳᠤᠭᠠᠨ ᠢ ᠠᠷᠪᠠᠨ ᠣᠷᠣᠨ ᠤ ᠰᠢᠭᠦᠭᠴᠢ ᠰᠢᠭᠦᠨ᠎ᠡ

ᠮᠣᠩᠭᠣᠯ ᠤᠨ ᠪᠠᠯᠧᠲ ᠤᠨ ᠬᠥᠭᠵᠢᠯ ᠰᠠᠩ᠂ ᠣᠯᠠᠨ ᠤᠯᠤᠰ ᠤᠨ ᠪᠠᠯᠧᠲ ᠤᠨ ᠲᠡᠮᠡᠴᠡᠭᠡᠨ ᠵᠣᠬᠢᠶᠠᠨ ᠪᠠᠶᠢᠭᠤᠯᠬᠤ ᠬᠤᠷᠢᠶᠠᠨ ᠠᠴᠠ   ᠮᠣᠩᠭᠣᠯ ᠤᠨ ᠣᠯᠠᠨ ᠤᠯᠤᠰ ᠤᠨ ᠪᠠᠯᠧᠲ ᠤᠨ ᠬᠤᠶᠠᠳᠤᠭᠠᠷ ᠤᠷᠤᠯᠳᠤᠭᠠᠨ ᠢ ᠵᠢᠷᠭᠤᠳᠤᠭᠠᠷ ᠰᠠᠷ᠎ᠠ ᠶᠢᠨ 13-15 ᠤ ᠡᠳᠦᠷ ᠤᠳ ᠲᠤ ᠲᠠᠶᠢᠵᠠᠨ᠎ᠠ ᠪᠤᠯᠦᠠ ᠴᠠᠬᠢᠮ ᠬᠤᠣᠰᠯᠠᠭᠰᠠᠨ ᠬᠡᠯᠪᠡᠷᠢ ᠪᠠᠷ ᠤᠯᠠᠭᠠᠨᠪᠠᠭᠠᠲᠤᠷ ᠬᠤᠲᠠᠨ᠎ᠠ ᠵᠣᠬᠢᠶᠠᠨ ᠪᠠᠶᠢᠭᠤᠯᠬᠤ ᠭᠡᠵᠦ ᠪᠠᠶᠢᠨ᠎ᠡ᠃ ᠡᠨᠡ ᠵᠢᠯ ᠤᠨ ᠤᠷᠤᠯᠳᠤᠭᠠᠨ ᠳᠤ ᠶᠠᠫᠤᠨ᠂  ᠬᠤᠯᠪᠣᠭᠠᠨ ᠤ ᠪᠦᠭᠦᠳᠡ ᠨᠠᠶᠢᠷᠠᠮᠳᠠᠬᠤ ᠭᠧᠷᠮᠠᠨ ᠤᠯᠤᠰ᠂ ᠣᠷᠣᠰ ᠂  ᠪᠦᠬᠦᠳᠠ ᠨᠠᠶᠢᠷᠠᠮᠳᠠᠬᠤ ᠰᠣᠯᠤᠩᠭᠤᠰ ᠤᠯᠤᠰ᠂  ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠣᠷᠣᠰ ᠤᠨ ᠬᠤᠯᠪᠣᠭᠠᠲᠤ ᠤᠯᠤᠰ   ᠤᠨ ᠪᠦᠬᠦᠳᠠ ᠨᠠᠶᠢᠷᠠᠮᠳᠠᠬᠤ ᠪᠤᠷᠢᠶᠠᠳ  ᠤᠯᠤᠰ᠂ ᠢᠰᠫᠡᠨᠢ᠂ ᠺᠦᠪᠠ᠂  ᠠᠮᠧᠷᠢᠺᠠ ᠶᠢᠨ ᠨᠢᠭᠡᠳᠦᠭᠰᠡᠨ ᠤᠯᠤᠰ ᠪᠤᠯᠦᠠ ᠮᠣᠩᠭᠤᠯ ᠤᠯᠤᠰ ᠤᠨ ᠨᠡᠷ᠎ᠡ ᠬᠦᠨᠳᠦ  ᠪᠦᠬᠦᠢ ᠣᠯᠠᠨ ᠤᠯᠤᠰ ᠤᠨ ᠪᠠᠯᠧᠲ ᠤᠨ ᠰᠢᠭᠦᠭᠴᠢᠳ ᠤᠷᠢᠯᠭ᠎ᠠ ᠪᠠᠷ ᠰᠢᠭᠦᠨ ᠰᠢᠯᠢᠳᠡᠭ ᠤᠳ ᠢ ᠲᠣᠳᠣᠷᠠᠭᠤᠯᠤᠨ᠎ᠠ᠃
ᠰᠢᠭᠦᠭᠴᠢᠳ   ᠠᠮᠵᠢᠯᠲᠠ  ᠭᠠᠷᠭᠠᠭᠰᠠᠨ ᠣᠷᠣᠯᠴᠠᠭᠴᠢᠳ ᠲᠤ ᠲᠡᠷᠡᠭᠠᠬᠢ ᠲᠡᠮᠡᠴᠡᠭᠡᠨ ᠤᠷᠤᠯᠳᠤᠭᠠᠨ᠂ ᠬᠥᠲᠥᠯᠪᠦᠷᠢ ᠨᠤᠭᠦᠳ ᠤᠨ ᠤᠷᠢᠯᠭ᠎ᠠ᠂ ᠲᠡᠳᠬᠦᠯᠭᠡ ᠶᠢ ᠦᠭᠬᠦ ᠪᠣᠯᠣᠮᠵᠢ ᠲᠠᠢ ᠃ ᠡᠭᠦᠨ ᠳᠤ᠂ ᠣᠯᠠᠨ ᠤᠯᠤᠰ ᠤᠨ ᠨᠢᠭᠡᠳᠦᠭᠰᠡᠨ ᠴᠠᠬᠢᠮ ᠪᠥᠵᠢᠭ ᠤᠨ III ᠤᠷᠤᠯᠳᠤᠭᠠᠨ᠂ ᠪᠦᠭᠦᠳᠡ ᠨᠠᠢᠷᠠᠮᠳᠠᠬᠤ ᠰᠤᠯᠤᠩᠭᠤᠰ ᠤᠯᠤᠰ  ᠤᠨ ᠣᠯᠠᠨ ᠤᠯᠤᠰ ᠤᠨ ᠪᠠᠯᠧᠲ ᠤᠨ ᠲᠡᠳᠬᠦᠯᠭᠡᠲᠤ ᠬᠥᠲᠥᠯᠪᠦᠷᠢ ᠶᠢᠨ VII ᠤᠷᠤᠯᠳᠤᠭᠠᠨ᠂ ᠳᠡᠯᠡᠬᠡᠢ ᠶᠢᠨ ᠪᠠᠯᠧᠲ ᠤᠨ ᠭᠷᠡᠨᠫᠡᠷᠢ ᠤᠷᠤᠯᠳᠤᠭᠠᠨ ᠂ ᠰᠣᠯᠤᠩᠭᠤᠰ ᠤᠨ ᠣᠯᠠᠨ ᠤᠯᠤᠰ ᠤᠨ ᠪᠠᠯᠧᠲ ᠤᠨ ᠤᠷᠤᠯᠳᠤᠭᠠᠨ᠂    ᠱᠠᠩᠬᠠᠢ ᠶᠢᠨ ᠣᠯᠠᠨ ᠤᠯᠤᠰ ᠤᠨ ᠪᠠᠯᠧᠲ ᠤᠨ ᠤᠷᠤᠯᠳᠤᠭᠠᠨ ᠂    ᠡᠮᠦᠨᠡᠳᠦ ᠠᠹᠷᠢᠺᠠ ᠶᠢᠨ ᠣᠯᠠᠨ ᠤᠯᠤᠰ ᠤᠨ IX ᠤᠷᠤᠯᠳᠤᠭᠠᠨ ᠂  ᠠᠮᠧᠷᠢᠺᠠ ᠶᠢᠨ ᠨᠢᠭᠡᠳᠦᠭᠰᠡᠨ ᠤᠯᠤᠰ  ᠤᠨ ︽ᠪᠣᠰᠲ᠋ᠤᠨ ᠪᠠᠯᠧᠲ︾ ᠰᠤᠷᠭᠠᠭᠤᠯᠢ ᠶᠢᠨ ᠵᠤᠨ ᠤ ᠬᠥᠲᠥᠯᠪᠦᠷᠢ ᠶᠢᠨ 100 ᠬᠤᠪᠢ ᠶᠢᠨ ᠲᠡᠳᠬᠦᠯᠭᠡ᠂ ᠹᠷᠠᠨᠼᠢ ᠶᠢᠨ  ᠪᠢᠶᠠᠷᠷᠢᠼ ᠬᠤᠲᠠ ᠶᠢᠨ ᠣᠯᠠᠨ ᠤᠯᠤᠰ ᠤᠨ ᠪᠥᠵᠢᠭ ᠤᠨ ᠠᠺᠠᠳᠧᠮᠢ ᠶᠢᠨ ᠵᠤᠨ ᠤ ᠨᠢᠭᠡ ᠳᠣᠯᠤᠭ᠎ᠠ ᠬᠤᠨᠤᠭ ᠤᠨ ᠬᠥᠲᠥᠯᠪᠦᠷᠢ ᠶᠢᠨ ᠲᠡᠳᠬᠦᠯᠭᠡᠲᠤ ᠬᠥᠲᠥᠯᠪᠦᠷᠢ ᠨᠤᠭᠦᠳ ᠤᠨ ᠡᠷᠬᠡ ᠶᠢᠨ ᠪᠢᠴᠢᠭ᠂  ᠤᠷᠢᠯᠭ᠎ᠠ ᠨᠤᠭᠤᠳ ᠪᠠᠭᠲᠠᠵᠤ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ