《Squid game》 ᠤᠨ ᠵᠦᠴᠦᠭᠡᠴᠢᠨ ᠮᠣᠩᠭᠣᠯ ᠳᠤ ᠢᠷᠡᠯ᠎ᠡ | News.MN

《Squid game》 ᠤᠨ ᠵᠦᠴᠦᠭᠡᠴᠢᠨ ᠮᠣᠩᠭᠣᠯ ᠳᠤ ᠢᠷᠡᠯ᠎ᠡ

ᠵᠢᠷᠦᠬᠡᠨ ᠦ ᠲᠥᠷᠥᠯᠬᠢ ᠶᠢᠨ ᠭᠠᠵᠢᠭ ᠲᠠᠢ ᠬᠡᠦᠬᠡᠳ ᠦᠳ ᠲᠦ ᠲᠤᠰᠠᠯᠠᠬᠤ  ᠪᠡᠷ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠤᠨ ᠠᠯᠳᠠᠷᠲᠤ ᠵᠢᠷᠤᠭᠠᠴᠢ ᠢ ᠶᠦᠩ ᠵᠣᠩ ᠪᠣᠯᠤᠨ ᠲᠤᠰ ᠤᠯᠤᠰ ᠤᠨ ᠳᠡᠯᠭᠡᠴᠡ ᠶᠢᠨ ᠤᠷᠠᠯᠢᠭ ᠤᠨ ᠣᠳᠣ ᠠᠨᠤᠫᠠᠮ ᠲᠷᠢᠫᠠᠫᠲ᠋ᠢ ᠮᠣᠩᠭᠣᠯ ᠳᠤ ᠢᠷᠡᠵᠡᠢ᠃ ᠠᠨᠤᠫᠠᠮ ᠲᠷᠢᠫᠠᠫᠲ᠋ᠢ ᠡᠨᠡᠳᠬᠡᠭ ᠭᠠᠷᠤᠯ ᠲᠠᠢ ᠵᠦᠴᠦᠭᠡᠴᠢᠨ ᠪᠥᠭᠡᠳ《Squid game》ᠴᠤᠪᠤᠷᠠᠯ ᠺᠢᠨᠤ᠋ ᠳᠤ ᠲᠣᠭᠯᠠᠵᠤ᠂ ᠣᠯᠠᠨ ᠤ ᠲᠠᠨᠢᠯ ᠪᠣᠯᠤᠭᠰᠠᠨ ᠪᠢᠯᠡ᠃

ᠬᠡᠪᠯᠡᠯ ᠦᠨ ᠬᠤᠷᠠᠯ ᠦᠨ ᠦᠶ᠎ᠡ ᠪᠡᠷ ᠲᠡᠷᠡᠪᠡᠷ᠄ ᠮᠣᠩᠭᠣᠯ ᠳᠤ ᠢᠷᠡᠭᠰᠡᠨ ᠳᠦ ᠪᠡᠨ ᠮᠠᠰᠢ ᠶᠡᠬᠡ ᠪᠠᠶᠠᠷᠲᠠᠢ ᠪᠠᠶᠢᠨ᠎ᠠ᠃ ᠡᠮᠦᠨᠡᠲᠦ ᠰᠣᠯᠣᠩᠭᠣᠰ ᠲᠤ ᠰᠤᠷᠴᠤ ᠪᠠᠶᠢᠬᠤ ᠳᠤ ᠪᠠᠨ ᠪᠢ ᠮᠣᠩᠭᠣᠯ ᠣᠶᠤᠲᠠᠨ ᠲᠠᠢ ᠬᠠᠮᠲᠤ ᠠᠮᠢᠳᠤᠷᠠᠵᠤ ᠪᠠᠶᠢᠭᠰᠠᠨ᠃ ᠮᠥᠨ ᠮᠢᠨᠦ ᠬᠠᠮᠤᠭ ᠤᠨ ᠳᠤᠲᠤᠨᠤ ᠨᠠᠶᠢᠵᠠ  ᠨᠠᠷ ᠮᠣᠩᠭᠣᠯ  ᠤᠶᠤᠲᠠᠳ ᠪᠠᠶᠢᠭᠰᠠᠨ᠃ ᠡᠶᠢᠮᠦ ᠡᠴᠡ ᠲᠡᠳᠡᠨ ᠲᠠᠢ ᠪᠠᠨ ᠬᠠᠮᠲᠤᠷᠠᠨ ᠬᠡᠦᠬᠡᠳ ᠦᠳ ᠲᠦ ᠲᠤᠰᠠᠯᠠᠵᠤ᠂ ᠡᠨᠡ ᠲᠥᠰᠥᠯ ᠦᠨ ᠨᠢᠭᠡ ᠬᠡᠰᠡᠭ ᠨᠢ ᠪᠣᠯᠵᠤ ᠪᠠᠶᠢᠭ᠎ᠠ ᠳᠤ ᠪᠠᠨ ᠪᠠᠶᠠᠷᠲᠠᠢ ᠪᠠᠶᠢᠨ᠎ᠠ ᠭᠡᠯ᠎ᠡ᠃

ᠰᠡᠳᠬᠢᠭᠳᠡᠯ ᠦᠯᠡᠳᠡᠭᠡᠬᠦ